ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠨᠥᠳᠥᠷ ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠡᠴᠡ ᠢᠷᠡᠭᠦᠯᠦᠭᠰᠡᠨ ᠵᠠᠷᠢᠮ ᠰᠠᠶᠢᠳ ᠢ ᠡᠭᠦᠷᠭᠡᠲᠦ ᠠᠵᠢᠯ ᠠᠴᠠ ᠨᠢ ᠤᠭᠴᠠᠷᠠᠭᠤᠯᠬᠤ ᠪᠣᠯᠤᠨ ᠡᠭᠦᠷᠭᠡᠲᠦ ᠠᠵᠢᠯ ᠠᠴᠠ ᠨᠢ ᠴᠢᠯᠦᠭᠡᠯᠡᠬᠦ ᠲᠤᠬᠠᠢ ᠵᠥᠪᠰᠢᠯᠴᠡᠬᠦ ᠪᠡᠷ ᠢᠷᠡᠭᠦᠯᠦᠭᠰᠡᠨ ᠠᠯᠪᠠᠨ ᠪᠢᠴᠢᠭ ᠲᠦ ᠲᠤᠰ ᠲᠤᠰ ᠬᠠᠷᠢᠭᠤ ᠢᠯᠡᠭᠡᠪᠡ᠃
ᠵᠥᠪᠰᠢᠯᠴᠡᠬᠦ ᠰᠠᠨᠠᠯ ᠤᠨ ᠲᠤᠬᠠᠢ ᠠᠯᠪᠠᠨ ᠪᠢᠴᠢᠭ ᠲᠦ᠄ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ᠂ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠰᠠᠶᠢᠳ ᠴ ᠂ ᠴᠣᠭᠵᠢᠯᠮ᠎ᠠ ᠶᠢ ︽ᠮᠣᠩᠭᠣᠯ ᠤᠯᠤᠰ ᠤᠨ ᠵᠠᠰᠠᠭ ᠤᠨ ᠭᠠᠵᠠᠷ ᠤᠨ ᠲᠤᠬᠠᠢ︾ ᠬᠠᠤᠯᠢ ᠶᠢᠨ 17 ᠳ᠋ᠤᠭᠠᠷ ᠵᠦᠢᠯ ᠦᠨ 3᠂ 24 ᠳ᠋ᠤᠭᠡᠷ ᠵᠦᠢᠯ ᠦᠨ 4 ᠳ᠋ᠡᠬᠢ ᠬᠡᠰᠡᠭ ᠲᠦ ᠵᠢᠭᠠᠭᠰᠠᠨ ᠢ ᠲᠤᠰ ᠲᠤᠰ ᠵᠥᠷᠢᠴᠡᠭᠰᠡᠨ ᠭᠡᠵᠦ ᠦᠵᠡᠵᠦ᠂ ᠡᠭᠦᠷᠭᠡᠲᠦ ᠠᠵᠢᠯ ᠠᠴᠠ ᠨᠢ ᠤᠭᠴᠠᠷᠠᠭᠤᠯᠬᠤ ᠠᠰᠠᠭᠤᠳᠠᠯ ᠢ ᠵᠥᠪᠰᠢᠯᠴᠡᠬᠦ ᠪᠡᠷ ᠢᠷᠡᠭᠦᠯᠦᠭᠰᠡᠨ ᠲᠠᠨ ᠤ 2018 ᠣᠨ ᠤ 12 ᠳ᠋ᠤᠭᠠᠷ ᠰᠠᠷ᠎ᠠ ᠶᠢᠨ 03 ᠍ ᠤ ᠡᠳᠦᠷ ᠦᠨ ЗГ-1/198 ᠳ᠋ᠤᠭᠠᠷ ᠲᠠᠢ ᠠᠯᠪᠠᠨ ᠪᠢᠴᠢᠭ ᠢ ᠬᠦᠯᠢᠶᠡᠨ ᠠᠪᠴᠤ ᠬᠣᠯᠪᠣᠭᠳᠠᠬᠤ ᠮᠠᠲᠸᠷᠢᠶᠠᠯ ᠤᠳ ᠲᠠᠢ ᠲᠠᠨᠢᠯᠴᠠᠯ᠎ᠠ᠃ ᠤᠭ ᠠᠰᠠᠭᠤᠳᠠᠯ ᠢ ︽ᠮᠣᠩᠭᠣᠯ ᠤᠯᠤᠰ ᠤᠨ ᠦᠨᠳᠦᠰᠦᠨ ᠬᠠᠤᠯᠢ︾ ᠶᠢᠨ ᠭᠤᠴᠢᠨ ᠶᠢᠰᠦᠳᠦᠭᠡᠷ ᠵᠦᠢᠯ ᠦᠨ ᠬᠤᠶᠠᠳᠠᠬᠢ ᠬᠡᠰᠡᠭ᠂ ︽ᠮᠣᠩᠭᠣᠯ ᠤᠯᠤᠰ ᠤᠨ ᠵᠠᠰᠠᠭ ᠤᠨ ᠭᠠᠵᠠᠷ ᠤᠨ ᠲᠤᠬᠠᠢ︾ ᠬᠠᠤᠯᠢ ᠶᠢᠨ 23 ᠳ᠋ᠤᠭᠠᠷ ᠵᠦᠢᠯ ᠦᠨ ᠨᠢᠭᠡᠳᠡᠬᠢ ᠬᠡᠰᠡᠭ ᠦᠨ ᠨᠢᠭᠡᠳᠡᠬᠢ ᠵᠢᠭᠠᠯᠲᠠ ᠳᠤ ᠵᠢᠭᠠᠭᠰᠠᠨ ᠤ ᠳᠠᠭᠠᠤ ᠤᠯᠤᠰ ᠤᠨ ᠶᠡᠬᠡ ᠬᠤᠷᠠᠯ ᠳᠤ ᠡᠷᠭᠦᠨ ᠮᠡᠳᠡᠭᠦᠯᠵᠦ ᠬᠡᠯᠡᠯᠴᠡᠭᠦᠯᠬᠦ ᠨᠢ ᠵᠦᠢᠲᠡᠢ ᠪᠠᠶᠢᠨ᠎ᠠ ᠭᠡᠵᠡᠢ᠃
ᠮᠦᠨ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ ᠂ ᠵᠠᠮ ᠲᠡᠭᠡᠭᠡᠪᠦᠷᠢ ᠶᠢᠨ ᠬᠥᠭᠵᠢᠯ ᠦᠨ ᠰᠠᠶᠢᠳ ᠶᠠᠩᠭᠤᠭ ᠤᠨ ᠰᠤᠳᠤᠪᠠᠭᠠᠲᠤᠷ ᠢ ᠬᠦᠰᠡᠯᠲᠡ ᠶᠢᠨ ᠬᠢᠨᠢ ᠳᠠᠭᠠᠤ ᠡᠭᠦᠷᠭᠡᠲᠦ ᠠᠵᠢᠯ ᠠᠴᠠ ᠨᠢ ᠴᠢᠯᠦᠭᠡᠯᠡᠬᠦ ᠠᠰᠠᠭᠤᠳᠠᠯ ᠢ ᠵᠥᠪᠰᠢᠯᠴᠡᠬᠦ ᠪᠡᠷ ᠢᠷᠡᠭᠦᠯᠦᠭᠰᠡᠨ ᠲᠠᠨ ᠤ 2018 ᠣᠨ ᠤ 12 ᠳ᠋ᠤᠭᠠᠷ ᠰᠠᠷ᠎ᠠ ᠶᠢᠨ 03 ᠤ ᠡᠳᠦᠷ ᠦᠨ ЗГ-1/197 ᠳ᠋ᠤᠭᠠᠷ ᠲᠠᠢ ᠠᠯᠪᠠᠨ ᠪᠢᠴᠢᠭ ᠢ ᠬᠦᠯᠢᠶᠡᠨ ᠠᠪᠴᠤ ᠬᠣᠯᠪᠣᠭᠳᠠᠬᠤ ᠮᠠᠲᠸᠷᠢᠶᠠᠯ ᠤᠳ ᠲᠠᠢ ᠲᠠᠨᠢᠯᠴᠠᠯ᠎ᠠ᠃ ᠤᠭ ᠠᠰᠠᠭᠤᠳᠠᠯ ᠢ ︽ᠮᠣᠩᠭᠣᠯ ᠤᠯᠤᠰ ᠤᠨ ᠦᠨᠳᠦᠰᠦᠨ ᠬᠠᠤᠯᠢ︾ ᠶᠢᠨ ᠭᠤᠴᠢᠨ ᠶᠢᠰᠦᠳᠦᠭᠡᠷ ᠵᠦᠢᠯ ᠦᠨ ᠬᠤᠶᠠᠳᠠᠬᠢ ᠬᠡᠰᠡᠭ᠂ ︽ᠮᠣᠩᠭᠣᠯ ᠤᠯᠤᠰ ᠤᠨ ᠵᠠᠰᠠᠭ ᠤᠨ ᠭᠠᠵᠠᠷ ᠤᠨ ᠲᠤᠬᠠᠢ︾ ᠬᠠᠤᠯᠢ ᠶᠢᠨ 23 ᠳ᠋ᠤᠭᠠᠷ ᠵᠦᠢᠯ ᠦᠨ ᠨᠢᠭᠡᠳᠡᠬᠢ ᠬᠡᠰᠡᠭ ᠦᠨ ᠨᠢᠭᠡᠳᠡᠬᠢ ᠵᠢᠭᠠᠯᠲᠠ ᠳᠤ ᠵᠢᠭᠠᠭᠰᠠᠨ ᠤ ᠳᠠᠭᠠᠤ ᠤᠯᠤᠰ ᠤᠨ ᠶᠡᠬᠡ ᠬᠤᠷᠠᠯ ᠳᠤ ᠡᠷᠭᠦᠨ ᠮᠡᠳᠡᠭᠦᠯᠵᠦ ᠬᠡᠯᠡᠯᠴᠡᠭᠦᠯᠬᠦ ᠨᠢ ᠵᠦᠢᠲᠡᠢ ᠪᠠᠶᠢᠨ᠎ᠠ ᠭᠡᠵᠡᠢ᠃