ᠰ∙ᠡᠷᠳᠡᠨᠢ᠂ ᠳ∙ᠡᠷᠳᠡᠨᠢᠪᠠᠲᠤ ᠨᠠᠷ ᠢ ᠵᠠᠶᠢᠯᠠᠭᠤᠯᠤᠨ᠎ᠠ | News.MN

ᠰ∙ᠡᠷᠳᠡᠨᠢ᠂ ᠳ∙ᠡᠷᠳᠡᠨᠢᠪᠠᠲᠤ ᠨᠠᠷ ᠢ ᠵᠠᠶᠢᠯᠠᠭᠤᠯᠤᠨ᠎ᠠ

ᠠᠷᠠᠳᠴᠢᠯᠠᠭᠰᠠᠨ ᠨᠠᠮ ᠤᠨ ᠦᠨᠳᠦᠰᠦᠨ ᠦ ᠳᠦᠷᠢᠮ ᠦᠨ ᠬᠣᠷᠢᠶ᠎ᠠ ᠥᠨᠥᠳᠥᠷ ᠬᠤᠷᠠᠯᠳᠤᠨ ᠲᠤᠰ ᠨᠠᠮ ᠠᠴᠠ ᠤᠯᠤᠰ ᠤᠨ ᠶᠡᠬᠡ ᠬᠤᠷᠠᠯ ᠳᠦ ᠰᠣᠩᠭᠣᠭᠳᠠᠭᠰᠠᠨ ᠭᠡᠰᠢᠭᠦᠨ ᠯ∙ᠪᠣᠯᠣᠳ᠂ ᠵ∙ᠪᠠᠲᠤᠽᠠᠨᠳᠠᠨ᠂ ᠳ∙ᠮᠤᠷᠠᠲ ᠨᠠᠷ ᠲᠠᠢ ᠬᠤᠯᠪᠤᠭ᠎ᠠ ᠲᠠᠢ ᠰᠢᠢᠳᠪᠦᠷᠢ ᠭᠠᠷᠭᠠᠭᠰᠠᠨ ᠢᠶᠠᠨ ᠵᠠᠷᠯᠠᠭᠰᠠᠨ᠃ ᠲᠤᠰ ᠰᠢᠢᠳᠪᠦᠷᠢ ᠪᠡᠷ ᠵ∙ᠪᠠᠲᠤᠽᠠᠨᠳᠠᠨ ᠢ ᠨᠠᠮ ᠠᠴᠠ ᠬᠥᠭᠡᠭᠡᠵᠦ᠂ ᠯ∙ ᠪᠣᠯᠣᠳ᠂ ᠳ∙ᠮᠤᠷᠠᠲ ᠨᠠᠷ ᠤᠨ ᠰᠣᠩᠭᠣᠭᠤᠯᠢ ᠳᠤ  ᠦᠷᠢᠰᠦᠯᠳᠦᠬᠦ ᠡᠷᠬᠡ ᠶᠢ ᠳᠥᠷᠪᠡᠨ ᠵᠢᠯ ᠢᠶᠡᠷ ᠬᠠᠰᠤᠭᠰᠠᠨ᠃ ᠨᠠᠮ ᠠᠴᠠ ᠪᠠᠨ ᠤᠯᠤᠰ ᠲᠥᠷᠥ ᠶᠢᠨ ᠰᠢᠢᠳᠭᠡᠯ ᠰᠣᠨᠣᠰᠤᠭᠰᠠᠨ ᠭᠡᠰᠢᠭᠦᠳ ᠥᠨᠥᠳᠥᠷ ︵12.03︶ ᠦᠳᠡ ᠡᠴᠡ ᠬᠣᠶᠢᠰᠢ ᠮᠡᠳᠡᠭᠡᠯᠡᠯ ᠬᠢᠯ᠎ᠡ᠃
ᠵ ᠂ ᠪᠠᠲᠤᠽᠠᠨᠳᠠᠨ᠄ ᠤᠯᠤᠰ ᠲᠥᠷᠥ ᠬᠠᠯᠠᠭᠤᠨ ᠪᠠᠶᠢᠨ᠎ᠠ᠃ ᠣᠷᠳᠣᠨ ᠳᠣᠲᠣᠷ᠎ᠠ ᠤᠯᠤᠰ ᠲᠥᠷᠥ ᠶᠢᠨ ᠲᠡᠮᠡᠴᠡᠯ ᠥᠷᠨᠢᠵᠦ ᠪᠠᠶᠢᠨ᠎ᠠ᠃ ᠡᠨᠡ ᠲᠡᠮᠡᠴᠡᠯ ᠨᠢ ᠮᠣᠩᠭᠣᠯ ᠤᠨ ᠲᠡᠦᠬᠡ ᠶᠢᠨ ᠡᠷᠭᠢᠯᠲᠡ ᠶᠢᠨ ᠣᠨᠴᠠᠭᠠᠢ ᠴᠢᠬᠤᠯᠠ ᠦᠢᠯᠡ ᠶᠠᠪᠤᠳᠠᠯ ᠭᠡᠵᠦ ᠬᠠᠷᠠᠵᠤ ᠪᠠᠶᠢᠨ᠎ᠠ᠃ ᠥᠩᠭᠡᠷᠡᠭᠰᠡᠨ ᠪᠠᠰᠠᠩ ᠭᠠᠷᠠᠭ ᠲᠤ 30 ᠭᠡᠷ ᠪᠦᠯᠢ ᠢᠯᠠᠬᠤ ᠤᠤ᠂ 3 ᠰᠠᠶ᠎ᠠ ᠮᠣᠩᠭᠣᠯ ᠢᠯᠠᠬᠤ ᠤᠤ ᠭᠡᠳᠡᠭ ᠲᠡᠮᠡᠴᠡᠯ ᠪᠣᠯᠤᠭᠰᠠᠨ᠃  ᠮᠤᠩᠭᠤᠯ ᠠᠷᠠᠳ ᠤᠨ ᠨᠠᠮ ᠍ ᠤᠨ ᠪᠦᠯᠦᠭ ᠦᠨ ᠬᠤᠪᠢᠶᠠᠭᠳᠠᠯ  ᠰᠢᠭ᠋ ᠠᠷᠠᠳᠴᠢᠯᠠᠭᠰᠠᠨ ᠨᠠᠮ ᠍ ᠤᠨ ᠪᠦᠯᠦᠭ ᠬᠣᠶᠠᠷ ᠬᠤᠪᠢᠶᠠᠭᠳᠠᠭᠰᠠᠨ᠃
ᠡᠬᠡ ᠣᠷᠣᠨᠴᠢᠳ ᠤᠨ ᠢᠶᠠᠨ ᠲᠠᠯ᠎ᠠ ᠳᠤ᠂ ᠰᠢᠳᠤᠷᠭᠤ ᠪᠤᠰᠤ ᠬᠣᠩᠭᠢᠯ ᠢ ᠪᠤᠢ ᠪᠣᠯᠭᠠᠭᠰᠠᠨ ᠬᠦᠮᠦᠰ ᠦᠨ  ᠡᠰᠡᠷᠭᠦ᠂ ︽ᠮᠠᠨᠠᠨ︾  ‍ᠣ ᠡᠰᠡᠷᠭᠦ  ᠠᠷᠠᠳᠴᠢᠯᠠᠭᠰᠠᠨ ᠨᠠᠮ ᠍ ᠠᠴᠠ ᠭᠤᠷᠪᠠᠨ ᠭᠡᠰᠢᠭᠦᠨ ᠵᠠᠰᠠᠭ ᠢ ᠤᠨᠠᠭᠠᠬᠤ ᠦᠭᠡᠢ ᠭᠡᠵᠦ ᠰᠠᠨᠠᠯ ᠥᠭᠭᠦᠭᠰᠡᠨ᠃ ᠲᠡᠭᠡᠪᠡᠯ ᠥᠨᠥᠳᠥᠷ ᠠᠷᠠᠳᠴᠢᠯᠠᠭᠰᠠᠨ ᠨᠠᠮ ᠍ ᠤᠨ ᠳᠠᠷᠤᠭ᠎ᠠ ᠭᠤᠷᠪᠠᠨ ᠭᠡᠰᠢᠭᠦᠨ ᠳᠦ ᠪᠡᠨ ᠬᠠᠷᠢᠭᠤᠴᠠᠯᠭ᠎ᠠ ᠲᠣᠭᠠᠴᠠᠭᠰᠠᠨ ᠭᠡᠵᠦ ᠮᠡᠳᠡᠭᠳᠡᠯ ᠬᠢᠯ᠎ᠡ᠃ ᠨᠠᠮ ᠤᠨ ᠪᠦᠯᠦᠭ ᠦᠨ ᠳᠡᠭᠡᠷᠡᠬᠢ ᠰᠢᠢᠳᠪᠦᠷᠢ ᠶᠢ ᠪᠢ ᠣᠶᠢᠯᠠᠭᠠᠬᠤ ᠦᠭᠡᠢ ᠪᠠᠶᠢᠭ᠎ᠠ᠃ ᠨᠠᠮ ᠠᠴᠠ ᠪᠠᠨ ᠬᠥᠭᠡᠭᠡᠭᠳᠡᠯ᠎ᠡ ᠂ ᠭᠡᠬᠦ ᠳᠦ ᠪᠡᠨ ᠮᠣᠩᠭᠣᠯ ᠠᠴᠠ ᠪᠠᠨ ᠬᠥᠭᠡᠭᠡᠭᠳᠡᠭᠡ ᠦᠭᠡᠢ ᠳᠦ ᠪᠡᠨ ᠪᠢ ᠪᠠᠶᠠᠷᠯᠠᠵᠤ ᠪᠠᠶᠢᠨ᠎ᠠ᠃ ᠲᠤᠩ ᠤᠳᠠᠬᠤ ᠦᠭᠡᠢ  ︽ᠮᠠᠨᠠᠨ︾  ᠤ ᠲᠣᠯᠣᠭᠠᠶᠢᠯᠠᠭᠴᠢ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠢ  ᠤᠭᠴᠠᠷᠠᠭᠤᠯᠤᠨ᠎ᠠ᠃ 40 ᠭᠡᠰᠢᠭᠦᠨ ᠦ ᠪᠣᠢᠺᠣᠲ ᠦᠷᠭᠦᠯᠵᠢᠯᠡᠨ᠎ᠡ᠃ ᠰ∙ᠡᠷᠳᠡᠨᠢ᠂ ᠳ∙ᠡᠷᠳᠡᠨᠢᠪᠠᠲᠤ ᠶᠢ  ᠠᠷᠠᠳᠴᠢᠯᠠᠭᠰᠠᠨ ᠨᠠᠮ  ᠤᠨ ᠤᠳᠤᠷᠢᠳᠤᠯᠭ᠎ᠠ ᠠᠴᠠ ᠨᠢ ᠵᠠᠶᠢᠯᠠᠭᠤᠯᠬᠤ ᠠᠵᠢᠯ ᠣᠷᠣᠨ ᠳᠠᠶᠠᠭᠠᠷ ᠡᠬᠢᠯᠡᠨ᠎ᠡ᠃  ᠠᠷᠠᠳᠴᠢᠯᠠᠭᠰᠠᠨ ᠨᠠᠮ ᠢ ᠰᠢᠨᠡᠴᠢᠯᠡᠭᠰᠡᠨ ᠭᠡᠵᠦ ᠰ∙ᠡᠷᠳᠡᠨᠢ ᠬᠠᠭᠤᠷᠮᠠᠭ ᠪᠠᠭ ᠵᠡᠭᠦᠭᠰᠡᠨ ᠪᠠᠶᠢᠨ᠎ᠠ᠃ ᠪᠢ ᠠᠷᠠᠳᠴᠢᠯᠠᠯ ᠤᠨ ᠲᠥᠯᠥᠭᠡ ᠵᠢᠳᠬᠦᠭᠰᠡᠨ᠃ ᠬᠠᠷᠠᠮᠰᠠᠯᠲᠠᠢ ᠨᠢ᠂ ᠪᠢ ᠪᠤᠷᠤᠭᠤ ᠵᠦᠢᠯ ᠤᠷᠤᠭᠤ ᠵᠢᠳᠬᠦᠭᠰᠡᠨ ᠭᠡᠳᠡᠭ ᠢᠶᠡᠨ ᠣᠶᠢᠯᠠᠭᠠᠯ᠎ᠠ᠃ ᠪᠢ  ᠠᠷᠠᠳᠴᠢᠯᠠᠭᠰᠠᠨ ᠨᠠᠮ ᠍ ᠤᠨ ᠢᠶᠠᠨ ᠮᠢᠩᠭ᠎ᠠ ᠮᠢᠩᠭᠠᠨ ᠭᠡᠰᠢᠭᠦᠳ ᠲᠡᠢ ᠬᠠᠮᠲᠤ ᠪᠠᠶᠢᠬᠤ ᠪᠣᠯᠤᠨ᠎ᠠ᠃ ᠥᠨᠥᠳᠥᠷ ᠡᠴᠡ ᠨᠠᠮ ᠤᠨ ᠢᠶᠠᠨ ᠰᠢᠨᠡᠴᠢᠯᠡᠯ ᠢ ᠡᠬᠢᠯᠡᠭᠦᠯᠦᠨ᠎ᠡ᠃
ᠯ᠂ ᠪᠤᠯᠤᠳ᠄ ᠥᠩᠭᠡᠷᠡᠭᠰᠡᠨ ᠪᠠᠰᠠᠩ ᠭᠠᠷᠠᠭ ᠲᠤ ᠮᠣᠩᠭᠣᠯ ᠤᠯᠤᠰ ᠲᠤ ᠡᠷᠬᠡ ᠴᠢᠯᠦᠭᠡᠨ ᠦ ᠬᠤᠪᠢᠰᠬᠠᠯ ᠪᠣᠯᠤᠭᠰᠠᠨ᠃ ᠵᠠᠰᠠᠭ ᠤᠨ ᠭᠠᠵᠠᠷ ᠢ ᠤᠭᠴᠠᠷᠠᠭᠤᠯᠬᠤ ᠠᠰᠠᠭᠤᠳᠠᠯ  ︽ᠮᠠᠨᠠᠨ︾  ‍ᠣ ᠲᠣᠭᠲᠠᠯᠴᠠᠭᠠᠨ ᠤ ᠳᠣᠲᠣᠭᠠᠳᠤ ᠬᠠᠭᠠᠷᠠᠯ᠂ ᠪᠦᠯᠦᠭᠯᠡᠯ ᠦᠨ ᠳᠣᠲᠣᠭᠠᠳᠤ ᠲᠡᠮᠡᠴᠡᠯ᠃ ᠡᠭᠦᠨ ᠳᠦ ᠠᠷᠠᠳᠴᠢᠯᠠᠭᠰᠠᠨ ᠨᠠᠮ ᠶᠠᠮᠠᠷ ᠴᠤ ᠬᠠᠮᠢᠶ᠎ᠠ ᠦᠭᠡᠢ᠃ ᠪᠢ ᠥᠨᠥᠳᠥᠷ ᠦᠨ ᠰᠢᠢᠳᠪᠦᠷᠢ ᠶᠢ ᠬᠠᠷᠠᠭᠠᠳ ᠭᠤᠲᠤᠷᠠᠵᠤ ᠪᠠᠶᠢᠨ᠎ᠠ᠃ ᠠᠷᠠᠳᠴᠢᠯᠠᠭᠰᠠᠨ  ᠨᠠᠮ ᠠᠷᠠᠳᠴᠢᠯᠠᠭᠰᠠᠨ ᠪᠢᠰᠢ ᠺᠤᠮᠮᠤᠨᠢᠰᠲ ᠨᠠᠮ ᠪᠣᠯᠵᠠᠢ᠃ ᠡᠨᠡ ᠨᠠᠮ ᠮᠣᠩᠭᠣᠯ ᠤᠯᠤᠰ ᠢ ᠲᠣᠨᠣᠵᠤ ᠪᠠᠶᠢᠭ᠎ᠠ  ︽ᠮᠠᠨᠠᠨ︾  ‍ᠣ ᠬᠠᠯᠠᠭᠠᠰᠤᠨ ᠤ ᠨᠠᠮ ᠪᠣᠯᠤᠭᠰᠠᠨ ᠭᠤᠲᠤᠮᠰᠢᠭ ᠢ ᠪᠢ ᠬᠠᠷᠠᠯ᠎ᠠ᠃ ᠪᠢᠳᠡ ᠬᠣᠶᠠᠷ ᠠᠷᠠᠳ ᠲᠦᠮᠡᠨ ᠦ ᠪᠡᠨ ᠲᠥᠯᠥᠭᠡ ᠰᠠᠨᠠᠯ ᠢᠶᠠᠨ ᠥᠭᠭᠦᠭᠰᠡᠨ᠃  ᠠᠷᠠᠳᠴᠢᠯᠠᠭᠰᠠᠨ ᠨᠠᠮ ᠪᠦᠯᠦᠭ ᠲᠡᠢ  ᠪᠠᠶᠢᠬᠤ ᠶᠢᠨ ᠲᠤᠯᠠᠳᠠ ᠵ∙ᠪᠠᠲᠤᠽᠠᠨᠳᠠᠨ ᠢ ᠬᠥᠭᠡᠭᠡᠵᠦ᠂  ᠨᠠᠮᠠᠶᠢ ᠦᠯᠡᠳᠡᠭᠡᠵᠦ ᠳᠣᠷᠣᠮᠵᠢᠯᠠᠯ᠎ᠠ᠃ ᠪᠢ ᠠᠷᠠᠳᠴᠢᠯᠠᠭᠰᠠᠨ ᠨᠠᠮ᠍ ᠤᠨ ᠪᠦᠯᠦᠭ ᠡᠴᠡ ᠭᠠᠷᠤᠨ᠎ᠠ ᠭᠡᠳᠡᠭ ᠢᠶᠡᠨ ᠮᠡᠳᠡᠭᠳᠡᠵᠦ ᠪᠠᠶᠢᠨ᠎ᠠ᠃ ᠪᠢ ᠨᠠᠮ ᠢᠶᠠᠨ ᠰᠢᠨᠡᠳᠭᠡᠬᠦ ᠬᠥᠳᠡᠯᠭᠡᠭᠡᠨ ᠳᠦ ᠭᠠᠷ ᠪᠡᠶ᠎ᠡ ᠤᠷᠤᠯᠴᠠᠬᠤ ᠪᠣᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ