ᠬᠥᠪᠰᠥᠭᠥᠯ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠬᠤᠷᠠᠯᠳᠤᠭᠠᠨ ᠪᠣᠯᠵᠤ᠂ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ ᠤ ᠰᠠᠨᠠᠯ ᠢᠶᠠᠷ ︽ᠮᠥᠰᠦᠨ ᠦ ᠪᠠᠶᠠᠷ︾ ᠍ ᠢ ᠨᠢᠭᠡ ᠡᠳᠦᠷ ᠢᠶᠡᠷ ᠤᠷᠤᠭᠰᠢᠯᠠᠭᠤᠯᠵᠤ ᠂ ᠭᠤᠷᠪᠠᠳᠤᠭᠠᠷ ᠰᠠᠷ᠎ᠠ ᠶᠢᠨ 2-3 ᠍ ᠳᠦ ᠲᠡᠮᠳᠡᠭᠯᠡᠬᠦ ᠪᠡᠷ ᠪᠣᠯᠪᠠ᠃ ᠶᠠᠮᠤᠨ ᠠᠴᠠ ᠡᠪᠦᠯ ᠦᠨ ᠠᠶᠠᠯᠠᠯ ᠵᠢᠭᠤᠯᠴᠢᠯᠠᠯ ᠤᠨ ᠠᠷᠭ᠎ᠠ ᠬᠡᠮᠵᠢᠶ᠎ᠡ ᠨᠦᠭᠦᠳ ᠢ ᠨᠢᠭᠡᠳᠦᠭᠰᠡᠨ ᠮᠠᠷᠱᠷᠤᠲ ᠲᠤ ᠣᠷᠣᠭᠤᠯᠵᠤ ᠂ ᠮᠣᠩᠭᠣᠯ ᠣᠷᠣᠨ ᠢ ᠵᠣᠷᠢᠨ ᠢᠷᠡᠵᠦ ᠪᠠᠶᠢᠭ᠎ᠠ ᠵᠢᠭᠤᠯᠴᠢᠳ ᠲᠡᠳᠡᠭᠡᠷ ᠢ ᠪᠦᠷᠢᠨ ᠦᠵᠡᠬᠦ ᠪᠣᠯᠤᠮᠵᠢ ᠶᠢ ᠣᠯᠭᠣᠬᠤ ᠵᠣᠷᠢᠯᠭ᠎ᠠ ᠲᠠᠢ ᠠᠵᠠᠢ ᠃ ᠲᠤᠬᠠᠶᠢᠯᠠᠪᠠᠯ ᠬᠣᠶᠠᠳᠤᠭᠠᠷ ᠰᠠᠷ᠎ᠠ ᠶᠢᠨ 28 ᠍ ᠳᠦ ᠬᠥᠪᠰᠥᠭᠥᠯ ᠠᠶᠢᠮᠠᠭ ᠤᠨ ᠷᠢᠨᠴᠢᠨᠯᠾᠠᠮᠪᠤ ᠰᠤᠮᠤᠨ ᠳᠤ ︽ᠴᠠᠰᠤ ᠴᠠᠨ᠎ᠠ ᠶᠢᠨ ᠪᠠᠶᠠᠷ︾᠂ ᠭᠤᠷᠪᠠᠳᠤᠭᠠᠷ ᠰᠠᠷ᠎ᠠ ᠶᠢᠨ 2- 3 ᠍ ᠳᠦ ᠬᠠᠳᠬᠠᠯ ᠲᠣᠰᠬᠣᠨ ᠳᠤ ︽ᠮᠥᠰᠦᠨ ᠦ ᠪᠠᠶᠠᠷ︾ ᠪᠣᠯᠤᠨ᠎ᠠ᠃ ᠮᠥᠨ ᠭᠤᠷᠪᠠᠳᠤᠭᠠᠷ ᠰᠠᠷ᠎ᠠ ᠶᠢᠨ 5- 6 ᠍ ᠳᠦ ︽ᠪᠦᠷᠭᠦᠳ ᠦᠨ ᠪᠠᠶᠠᠷ︾᠂ ᠭᠤᠷᠪᠠᠳᠤᠭᠠᠷ ᠰᠠᠷ᠎ᠠ ᠶᠢᠨ 8- 9᠍ ᠳᠦ ︽ᠲᠡᠮᠡᠭᠡᠨ ᠦ ᠪᠠᠶᠠᠷ︾ ᠵᠡᠷᠭᠡ ᠠᠷᠭ᠎ᠠ ᠬᠡᠮᠵᠢᠶ᠎ᠡ ᠳᠠᠷᠠᠭᠠᠯᠠᠨ ᠪᠣᠯᠬᠤ ᠠᠵᠡᠢ᠃