ᠨᠠᠢᠮᠠᠨ ᠪᠦᠰᠡᠭᠦᠢ ᠶᠢᠨ ᠳᠣᠯᠣᠭ᠎ᠠ ᠨᠢ ᠮᠧᠳᠠᠯ ᠬᠦᠷᠲᠡᠪᠡ | News.MN

ᠨᠠᠢᠮᠠᠨ ᠪᠦᠰᠡᠭᠦᠢ ᠶᠢᠨ ᠳᠣᠯᠣᠭ᠎ᠠ ᠨᠢ ᠮᠧᠳᠠᠯ ᠬᠦᠷᠲᠡᠪᠡ

ᠴᠢᠯᠦᠭᠡᠲᠦ ᠪᠥᠬᠡ ᠶᠢᠨ ᠡᠮᠡᠭᠲᠡᠶᠢᠴᠦᠳ ᠦᠨ ︽ᠣᠷᠣᠰ ᠤᠨ ᠴᠣᠮᠣ ︾ ᠍ ᠨᠡᠭᠡᠭᠡᠯᠲᠡᠲᠡᠢ ᠲᠡᠮᠡᠴᠡᠭᠡᠨ ᠠᠷᠪᠠᠨ ᠨᠢᠭᠡᠳᠦᠭᠡᠷ ᠰᠠᠷ᠎ᠠ ᠶᠢᠨ 30 ᠍ ᠠᠴᠠ ᠠᠷᠪᠠᠨ ᠬᠣᠶᠠᠳᠤᠭᠠᠷ ᠰᠠᠷ᠎ᠠ ᠶᠢᠨ 1 ᠍ ᠳᠤ ᠣᠷᠣᠰ ᠦᠨ ᠬᠣᠯᠪᠣᠭᠠᠨ ᠤ ᠤᠯᠤᠰ ᠤᠨ ᠴᠤᠸᠠᠰᠢ ᠶᠢᠨ ᠴᠧᠪᠣᠺᠰᠠᠷ ᠬᠤᠲᠠ ᠳᠤ ᠪᠣᠯᠤᠯ᠎ᠠ᠃  ᠲᠠᠪᠤᠳᠠᠬᠢ ᠤᠳᠠᠭ᠎ᠠ ᠶᠢᠨ ᠡᠨᠡ ᠬᠦ ᠲᠡᠮᠡᠴᠡᠭᠡᠨ ᠳᠦ ᠦᠨᠳᠦᠰᠦᠨ ᠦ ᠰᠢᠭᠰᠢᠭᠡ ᠪᠠᠭ ᠤᠨ ᠳᠠᠰᠬᠠᠯᠵᠢᠭᠤᠯᠤᠭᠴᠢ ᠥ᠊∙ᠤᠤᠭᠠᠨᠪᠠᠶᠠᠷ ᠤᠨ ᠤᠳᠤᠷᠢᠳᠤᠯᠭ᠎ᠠ ᠳᠣᠣᠷ᠎ᠠ ᠮᠠᠨ ᠤ ᠤᠯᠤᠰ ᠤᠨ  ᠨᠠᠢᠮᠠᠨ ᠲᠠᠮᠢᠷᠴᠢᠨ ᠬᠦᠴᠦ ᠦᠵᠡᠵᠦ᠂ ᠬᠣᠶᠠᠷ ᠠᠯᠲᠠ᠂ ᠲᠠᠪᠤᠨ ᠬᠦᠷᠡᠯ ᠮᠧᠳᠠᠯ ᠬᠦᠷᠲᠡᠪᠡ᠃ 57  ᠺᠢᠯᠦᠭᠷᠡᠮ ᠤᠨ ᠵᠢᠩ ᠳᠦ ︽ᠠᠯᠳᠠᠷ︾ ᠰᠫᠣᠷᠲ ᠬᠣᠷᠢᠶᠠᠨ ᠤ ᠲᠠᠮᠢᠷᠴᠢᠨ ᠰ∙ᠰᠡᠷᠡᠩᠴᠢᠮᠡᠳ᠂ 65  ᠺᠢᠯᠦᠭᠷᠡᠮ ᠳᠦ ︽ᠠᠪᠤᠷᠠᠭᠴᠢ︾ ᠰᠫᠣᠷᠲ ᠬᠣᠷᠢᠶᠠᠨ ᠤ ᠲᠠᠮᠢᠷᠴᠢᠨ ᠬ∙ᠪᠣᠯᠣᠷᠲᠤᠶᠠᠭ᠎ᠠ ᠨᠠᠷ ᠠᠯᠲᠠ᠂ 50  ᠺᠢᠯᠦᠭᠷᠡᠮ ᠳᠦ ᠼ∙ᠨᠠᠮᠤᠭᠤᠨᠴᠡᠴᠡᠭ᠂ 53  ᠺᠢᠯᠦᠭᠷᠡᠮ  ᠳᠦ ᠡ᠊∙ᠰᠤᠮᠢᠶ᠎ᠠ᠂ 59  ᠺᠢᠯᠦᠭᠷᠡᠮ ᠳᠦ ᠪ∙ᠱᠣᠭᠣᠪᠲᠣᠷ᠂ 62  ᠺᠢᠯᠦᠭᠷᠡᠮ ᠳᠤ ᠠ᠊∙ᠪᠠᠲᠤᠴᠡᠴᠡᠭ᠂ 72 ᠺᠢᠯᠦᠭᠷᠡᠮ ᠳᠦ  ᠣ᠊∙ᠨᠠᠰᠤᠨᠪᠦᠷᠮ᠎ᠠ ᠨᠠᠷ ᠬᠦᠷᠡᠯ ᠮᠧᠳᠠᠯ ᠤᠨ ᠡᠵᠡᠨ ᠪᠣᠯᠤᠯ᠎ᠠ᠃

ᠰᠡᠳᠬᠢᠭᠳᠡᠯ ᠦᠯᠡᠳᠡᠭᠡᠬᠦ