ᠮᠣᠩᠭᠣᠯ ᠪᠠᠩᠬᠢ 2018 ᠣᠨ ᠤ 11 ᠳ᠋ᠤᠭᠡᠷ ᠰᠠᠷ᠎ᠠ ᠳᠤ 1.2 ᠲᠣᠨ ᠠᠯᠲᠠ ᠬᠤᠳᠠᠯᠳᠤᠨ ᠠᠪᠤᠭᠰᠠᠨ ᠨᠢ ᠡᠮᠦᠨᠡᠬᠢ ᠣᠨ ᠤ ᠮᠥᠨ ᠦᠶ᠎ᠡ ᠲᠡᠢ ᠢᠵᠢᠯ ᠬᠡᠮᠵᠢᠶᠡᠨ ᠳᠦ ᠪᠠᠶᠢᠨ᠎ᠠ᠃ 2018 ᠣᠨ ᠤ ᠡᠬᠢᠨ ᠦ 11 ᠰᠠᠷ᠎ᠠ ᠳᠤ 18.9 ᠲᠣᠨ ᠠᠯᠲᠠ ᠬᠤᠳᠠᠯᠳᠤᠨ ᠠᠪᠤᠭᠰᠠᠨ ᠨᠢ ᠡᠮᠦᠨᠡᠬᠢ ᠣᠨ ᠤ ᠮᠥᠨ ᠦᠶ᠎ᠡ ᠲᠡᠢ ᠢᠵᠢᠯ ᠬᠡᠮᠵᠢᠶᠡᠨ ᠳᠦ ᠪᠠᠶᠢᠨ᠎ᠠ᠃ 2018 ᠣᠨ ᠤ 10 ᠳ᠋ᠤᠭᠠᠷ ᠰᠠᠷ᠎ᠠ ᠶᠢᠨ 15 ᠍ ᠤ ᠡᠳᠦᠷ ᠡᠴᠡ 11 ᠳ᠋ᠤᠭᠡᠷ ᠰᠠᠷ᠎ᠠ ᠶᠢᠨ 30 ᠍ ᠤ ᠡᠳᠦᠷ ᠦᠨ ᠪᠠᠶᠢᠳᠠᠯ ᠢᠶᠠᠷ ᠳᠠᠷᠬᠠᠨ-ᠠᠭᠤᠯᠠ ᠠᠶᠢᠮᠠᠭ ᠳᠠᠬᠢ ᠮᠣᠩᠭᠣᠯ ᠪᠠᠩᠬᠢᠨ ᠤ ᠬᠡᠯᠲᠡᠰ 93.3 ᠺᠢᠯᠦᠭᠷᠡᠮ ᠠᠯᠲᠠ᠂ ᠪᠠᠶᠠᠨᠬᠣᠩᠭᠣᠷ ᠠᠶᠢᠮᠠᠭ ᠳᠠᠬᠢ ᠮᠣᠩᠭᠣᠯ ᠪᠠᠩᠬᠢᠨ ᠤ ᠰᠠᠯᠪᠤᠷᠢ 41.6 ᠺᠢᠯᠦᠭᠷᠡᠮ ᠠᠯᠲᠠ ᠬᠤᠳᠠᠯᠳᠤᠵᠤ ᠠᠪᠤᠭᠰᠠᠨ ᠦᠵᠡᠭᠦᠯᠦᠯᠲᠡ ᠲᠡᠢ ᠪᠠᠶᠢᠨ᠎ᠠ᠃ 2018 ᠣᠨ ᠤ 11 ᠳ᠋ᠤᠭᠡᠷ ᠰᠠᠷ᠎ᠠ ᠶᠢᠨ ᠪᠠᠶᠢᠳᠠᠯ ᠢᠶᠠᠷ 1 ᠭᠷᠠᠮ ᠠᠯᠲᠠ ᠬᠤᠳᠠᠯᠳᠤᠨ ᠠᠪᠬᠤ ᠮᠣᠩᠭᠣᠯ ᠪᠠᠩᠬᠢᠨ ᠤ ᠳᠤᠮᠳᠠᠴᠢ ᠦᠨ᠎ᠡ 100995.34 ᠲᠥᠭᠥᠷᠢᠭ ᠪᠠᠶᠢᠯ᠎ᠠ᠃