ᠬᠤᠳᠠᠯᠳᠤᠭ᠎ᠠ᠂ ᠡᠳ᠋ ᠍ ᠦᠨ ᠵᠠᠰᠠᠭ᠂ ᠰᠢᠨᠵᠢᠯᠡᠬᠦ ᠤᠬᠠᠭᠠᠨ ᠲᠧᠭᠨᠢᠭ ᠦᠨ ᠰᠠᠯᠪᠤᠷᠢ ᠳᠤ ᠬᠠᠮᠲᠤᠷᠠᠨ ᠠᠵᠢᠯᠯᠠᠬᠤ ᠮᠣᠩᠭᠣᠯ ᠤᠯᠤᠰ᠂ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠯᠠᠦ᠋ᠰ ᠠᠷᠠᠳ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠡᠭᠡᠯᠵᠢᠲᠦ ᠥᠨᠥᠳᠥᠷ ᠭᠠᠳᠠᠭᠠᠳᠤ ᠬᠠᠷᠢᠯᠴᠠᠭᠠᠨ ᠤ ᠶᠠᠮᠤᠨ ᠳᠤ ᠪᠣᠯᠪᠠ᠃ ᠬᠤᠷᠠᠯᠳᠤᠭᠠᠨ ᠢ ᠡᠷᠡᠭᠦᠯ ᠮᠡᠨᠳᠦ ᠶᠢᠨ ᠰᠠᠶᠢᠳ᠂ ᠺᠣᠮᠢᠰ ᠤᠨ ᠮᠣᠩᠭᠣᠯ ᠤᠨ ᠬᠡᠰᠡᠭ ᠦᠨ ᠳᠠᠷᠤᠭ᠎ᠠ ᠳ∙ᠰᠠᠷᠠᠨᠭᠡᠷᠡᠯ᠂ ᠯᠠᠦ᠋ᠰ ᠤᠯᠤᠰ ᠤᠨ ᠡᠷᠡᠭᠦᠯ ᠮᠡᠨᠳᠦ ᠶᠢᠨ ᠰᠠᠶᠢᠳ᠂ ᠺᠣᠮᠢᠰ ᠤᠨ ᠯᠠᠦ᠋ᠰ ᠤᠨ ᠬᠡᠰᠡᠭ ᠦᠨ ᠳᠠᠷᠤᠭ᠎ᠠ dr. ᠪᠤᠩᠺᠤᠩ ᠰᠢᠬᠠᠸᠤᠩ ᠨᠠᠷ ᠠᠬᠠᠯᠠᠵᠤ ᠂ ᠵᠠᠰᠠᠭ ᠤᠨ ᠭᠠᠵᠠᠷ ᠬᠣᠭᠣᠷᠣᠨᠳᠣ ᠶᠢᠨ ᠺᠣᠮᠢᠰ ᠤᠨ 10 ᠳ᠋ᠤᠭᠠᠷ ᠬᠤᠷᠠᠯᠳᠤᠭᠠᠨ ᠤ ᠰᠢᠢᠳᠪᠦᠷᠢ ᠶᠢᠨ ᠪᠡᠶᠡᠯᠡᠯᠲᠡ ᠶᠢ ᠬᠡᠯᠡᠯᠴᠡᠨ ᠳ᠋ᠦᠩᠨᠡᠵᠦ᠂ ᠬᠠᠮᠲᠤ ᠶᠢᠨ ᠠᠵᠢᠯᠯᠠᠭ᠎ᠠ ᠶᠢ ᠴᠢᠨᠠᠭᠰᠢᠳᠠ ᠥᠷᠭᠡᠵᠢᠭᠦᠯᠦᠨ ᠬᠥᠭᠵᠢᠭᠦᠯᠬᠦ ᠠᠰᠠᠭᠤᠳᠠᠯ ᠢᠶᠠᠷ ᠰᠠᠨᠠᠯ ᠰᠤᠯᠢᠯᠴᠠᠪᠠ᠃
ᠮᠣᠩᠭᠣᠯ ᠤᠯᠤᠰ ᠲᠤ ᠬᠥᠳᠡᠭᠡ ᠠᠵᠤ ᠠᠬᠤᠢ ᠶᠢᠨ ᠵᠣᠷᠢᠭᠤᠯᠤᠯᠲᠠ ᠪᠠᠷ 10000 ᠭᠠ ᠭᠠᠵᠠᠷ ᠲᠦᠷᠢᠶᠡᠰᠦ ᠪᠡᠷ ᠠᠰᠢᠭᠯᠠᠭᠤᠯᠬᠤ ᠲᠤᠬᠠᠢ ᠮᠣᠩᠭᠣᠯ ᠯᠠᠦ᠋ᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠲᠣᠬᠢᠷᠠᠯᠴᠠᠭ᠎ᠠ ᠶᠢ ᠦᠷ᠎ᠡ ᠳ᠋ᠦᠩ ᠲᠡᠢ ᠬᠡᠷᠡᠭᠵᠢᠭᠦᠯᠬᠦ ᠳᠦ ᠲᠠᠯ᠎ᠠ ᠨᠤᠭᠤᠳ ᠤᠨ ᠰᠣᠨᠢᠷᠬᠠᠭᠰᠠᠨ ᠠᠵᠤ ᠠᠬᠤᠢ ᠶᠢᠨ ᠨᠢᠭᠡᠴᠢ ᠨᠦᠭᠦᠳ ᠢ ᠣᠷᠤᠯᠴᠠᠭᠤᠯᠬᠤ ᠲᠤᠬᠠᠢ ᠬᠡᠯᠡᠯᠴᠡᠪᠡ᠃ ᠮᠣᠩᠭᠣᠯ ᠤᠯᠤᠰ ᠤᠨ ᠵᠠᠰᠠᠭ ᠤᠨ ᠭᠠᠵᠠᠷ ᠬᠦᠮᠦᠯᠢᠭ ᠦᠨ ᠲᠤᠰᠠᠯᠠᠮᠵᠢ ᠪᠠᠷ ᠯᠠᠦ᠋ᠰ ᠲᠤ 1050 ᠬᠣᠨᠢ ᠪᠡᠯᠡᠭᠯᠡᠭᠰᠡᠨ ᠳᠦ ᠯᠠᠦ᠋ᠰ ᠤᠨ ᠲᠠᠯ᠎ᠠ ᠲᠠᠯᠠᠷᠬᠠᠯ ᠢᠯᠡᠷᠬᠡᠶᠢᠯᠡᠪᠡ᠃
ᠮᠣᠩᠭᠣᠯ ᠤᠨ ᠲᠠᠯ᠎ᠠ ᠭᠦᠨ ᠬᠥᠯᠳᠡᠭᠡᠭᠰᠡᠨ ᠮᠢᠬ᠎ᠠ ᠪᠣᠯᠤᠨ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠮᠢᠬ᠎ᠠ ᠮᠢᠬᠠᠨ ᠪᠦᠲᠦᠭᠡᠭᠳᠡᠬᠦᠨ ᠯᠠᠦ᠋ᠰ ᠤᠯᠤᠰ ᠲᠤ ᠨᠡᠶᠢᠯᠡᠭᠦᠯᠬᠦ ᠲᠡᠢ ᠬᠣᠯᠪᠣᠭᠳᠠᠭᠤᠯᠵᠤ ᠬᠦᠨᠡᠰᠦᠨ ᠦ ᠬᠢᠨᠠᠯᠲᠠ᠂ ᠬᠣᠷᠢᠭ᠎ᠠ ᠴᠡᠭᠡᠷ᠂ ᠮᠠᠯ ᠡᠮᠨᠡᠯᠭᠡ᠂ ᠠᠷᠢᠭᠤᠨ ᠴᠡᠪᠡᠷ ᠦᠨ ᠱᠠᠭᠠᠷᠳᠠᠯᠭ᠎ᠠ ᠶᠢᠨ ᠲᠤᠬᠠᠢ ᠫᠷᠣᠲ᠋ᠣᠺᠣᠯ ᠪᠠᠶᠢᠭᠤᠯᠬᠤ ᠰᠠᠨᠠᠯ ᠢ ᠲᠠᠯᠪᠢᠪᠠ᠃
ᠮᠣᠩᠭᠣᠯ ᠤᠯᠤᠰ ᠢ ᠠᠽᠢᠶ᠎ᠠ᠂ ᠨᠣᠮᠣᠬᠠᠨ ᠳᠠᠯᠠᠢ ᠶᠢᠨ ᠪᠥᠰᠡ ᠨᠤᠲᠤᠭ ᠤᠨ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ ᠤ ᠦᠢᠯᠡ ᠶᠠᠪᠤᠴᠠ ᠳᠦ ᠨᠢᠭᠡᠳᠴᠦ ᠂ АСЕАН ᠦᠨ ᠵᠠᠬ᠎ᠠ ᠵᠡᠭᠡᠯᠢ ᠳᠦ ᠤᠷᠤᠬᠤ᠂ ᠬᠤᠳᠠᠯᠳᠤᠭ᠎ᠠ ᠬᠢᠬᠦ ᠳᠦ ᠯᠠᠦ᠋ᠰ ᠤᠨ ᠲᠠᠯ᠎ᠠ ᠳᠡᠮᠵᠢᠬᠦ ᠪᠡᠨ ᠢᠯᠡᠷᠬᠡᠶᠢᠯᠡᠪᠡ᠃
ᠺᠣᠮᠢᠰ ᠤᠨ ᠡᠭᠡᠯᠵᠢᠲᠦ 12 ᠳ᠋ᠤᠭᠠᠷ ᠬᠤᠷᠠᠯᠳᠤᠭᠠᠨ ᠢ 2020 ᠣᠨ ᠳᠤ ᠸᠢᠶᠧᠨ᠋ᠲ᠋ᠶᠠᠩ ᠬᠤᠲᠠ ᠳᠤ ᠵᠣᠬᠢᠶᠠᠨ ᠪᠠᠶᠢᠭᠤᠯᠬᠤ ᠪᠠᠷ ᠲᠣᠬᠢᠷᠠᠯᠴᠠᠪᠠ᠃
ᠡᠬᠢ ᠰᠤᠷᠪᠤᠯᠵᠢ᠄ ᠡᠷᠡᠭᠦᠯ ᠮᠡᠨᠳᠦ ᠶᠢᠨ ᠶᠠᠮᠤ