GDP 6.4 ᠬᠤᠪᠢ ᠲᠠᠢ ᠪᠠᠶᠢᠨ᠎ᠠ | News.MN

GDP 6.4 ᠬᠤᠪᠢ ᠲᠠᠢ ᠪᠠᠶᠢᠨ᠎ᠠ

ᠮᠠᠨ ᠤ ᠤᠯᠤᠰ ᠤᠨ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠦ ᠥᠰᠦᠯᠲᠡ ᠣᠳᠣ ᠪᠠᠷ 6.4 ᠬᠤᠪᠢ ᠲᠠᠢ ᠪᠠᠶᠢᠨ᠎ᠠ᠃ ᠭᠡᠪᠡᠴᠦ ᠣᠨ ᠤ ᠲᠡᠭᠦᠰᠭᠡᠯ ᠳᠦ ᠪᠠᠭ᠎ᠠ ᠵᠡᠷᠭᠡ ᠪᠠᠭᠤᠷᠠᠵᠤ ᠂ 5.9 ᠬᠤᠪᠢ ᠳᠤ ᠬᠦᠷᠬᠦ ᠶᠢ ᠳᠡᠯᠡᠬᠡᠢ ᠶᠢᠨ ᠪᠠᠩᠬᠢᠨ ᠠᠴᠠ ᠮᠡᠳᠡᠭᠡᠯᠡᠪᠡ᠃ ᠬᠠᠷᠢᠨ ᠢᠷᠡᠬᠦ ᠣᠨ ᠳᠤ 6.6 ᠬᠤᠪᠢ ᠳᠤ ᠬᠦᠷᠬᠦ ᠶᠢ ᠲᠥᠰᠦᠭᠡᠯᠡᠵᠡᠢ᠃ ᠲᠡᠭᠦᠨᠴᠢᠯᠡᠨ 2020 ᠣᠨ ᠳᠤ 6.3 ᠬᠤᠪᠢ ᠲᠠᠢ ᠪᠠᠶᠢᠬᠤ ᠭᠡᠨ᠎ᠡ᠃ ᠡᠭᠦᠨ ᠲᠡᠢ ᠬᠣᠯᠪᠣᠭᠳᠠᠭᠤᠯᠤᠨ ᠡᠳ᠋ ᠍ ᠦᠨ ᠵᠠᠰᠠᠭ ᠤᠨ ᠴᠢᠨᠠᠭᠰᠢᠳᠠ ᠶᠢᠨ ᠴᠢᠭ ᠬᠠᠨᠳᠤᠯᠭ᠎ᠠ ᠶᠢᠨ ᠲᠠᠯ᠎ᠠ ᠪᠠᠷ ᠮᠡᠳᠡᠭᠡᠯᠡᠬᠦ ᠳᠦ ᠪᠡᠨ ᠡᠶᠡᠷᠭᠦ ᠪᠠᠶᠢᠭ᠎ᠠ ᠶᠢ ᠳᠤᠷᠠᠳᠤᠯ᠎ᠠ᠃ ᠲᠤᠬᠠᠶᠢᠯᠠᠪᠠᠯ᠂ ᠲᠥᠰᠥᠪ ᠦᠨ ᠠᠯᠳᠠᠭᠳᠠᠯ ᠥᠩᠭᠡᠷᠡᠭᠰᠡᠨ ᠣᠨ ᠤ ᠡᠬᠢᠨ ᠦ ᠬᠠᠭᠠᠰ ᠲᠤ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠍ ᠲᠡᠢ ᠬᠠᠷᠢᠴᠠᠭᠤᠯᠬᠤ ᠳᠤ 0.8 ᠬᠤᠪᠢ ᠲᠠᠢ ᠲᠡᠩᠴᠡᠵᠦ ᠪᠠᠶᠢᠭᠰᠠᠨ ᠪᠣᠯ ᠡᠨᠡ ᠣᠨ ᠤ ᠡᠬᠢᠨ ᠦ ᠬᠠᠭᠠᠰ ᠲᠤ 2.8 ᠍ ᠶᠢᠨ ᠠᠰᠢᠭᠲᠠᠢ ᠭᠠᠷᠴᠤ ᠪᠠᠶᠢᠭ᠎ᠠ ᠨᠢ ᠡᠶᠢᠨ ᠳ᠋ᠦᠩᠨᠡᠬᠦ ᠳᠦ ᠬᠦᠷᠴᠡᠢ᠃ ᠲᠡᠳᠡᠨ ᠦ ᠲᠥᠰᠥᠭᠡᠯᠡᠯ ᠢᠶᠡᠷ ᠢᠷᠡᠬᠦ ᠣᠨ ᠳᠤ  ᠠᠭᠤᠯᠠ ᠠᠭᠤᠷᠬᠠᠢ ᠂ ᠠᠵᠤ ᠦᠢᠯᠡᠳᠪᠦᠷᠢᠯᠡᠯ ᠦᠨ ᠰᠠᠯᠪᠤᠷᠢ ᠳᠤ ᠬᠥᠷᠥᠩᠭᠡ ᠣᠷᠣᠭᠤᠯᠤᠯᠲᠠ ᠶᠡᠬᠡᠬᠡᠨ ᠣᠷᠣᠵᠤ ᠢᠷᠡᠬᠦ  ᠭᠡᠨ᠎ᠡ ᠃

ᠰᠡᠳᠬᠢᠭᠳᠡᠯ ᠦᠯᠡᠳᠡᠭᠡᠬᠦ