ᠭᠡᠰᠢᠭᠦᠨ ᠠᠰᠠᠨ G ᠬᠦᠴᠦᠨ ᠦ ᠬᠡᠷᠡᠭ ᠲᠦ ᠬᠣᠯᠪᠣᠭᠳᠠᠵᠠᠢ | News.MN

ᠭᠡᠰᠢᠭᠦᠨ ᠠᠰᠠᠨ G ᠬᠦᠴᠦᠨ ᠦ ᠬᠡᠷᠡᠭ ᠲᠦ ᠬᠣᠯᠪᠣᠭᠳᠠᠵᠠᠢ

ᠡᠨᠡ ᠰᠠᠷ᠎ᠠ ᠶᠢᠨ 26-27 ᠳᠤ ᠰᠢᠯᠵᠢᠬᠦ ᠰᠥᠨᠢ ᠨᠡᠶᠢᠰᠯᠡᠯ ᠦᠨ ᠬᠠᠨ-ᠠᠭᠤᠯᠠ ᠳᠡᠭᠦᠷᠭᠡ ᠶᠢᠨ ᠨᠤᠲᠤᠭ ᠲᠤ ᠪᠠᠶᠢᠷᠢᠯᠠᠬᠤ ᠨᠢᠭᠡᠨ ᠪᠠᠶᠢᠷᠢᠨ ᠳᠦ 28 ᠨᠠᠰᠤᠲᠠᠢ ᠡᠮᠡᠭᠲᠡᠢ E ᠶᠢ ᠤᠯᠤᠰ ᠤᠨ ᠶᠡᠬᠡ ᠬᠤᠷᠠᠯ ᠦᠨ ᠭᠡᠰᠢᠭᠦᠨ ᠠᠰᠠᠨ G᠂ ᠲᠡᠭᠦᠨ ᠦ ᠨᠠᠶᠢᠵᠠ E ᠨᠠᠷ ᠪᠦᠯᠦᠭᠯᠡᠨ ᠬᠦᠴᠦᠨᠳᠦᠬᠦ ᠶᠢ ᠵᠠᠪᠳᠤᠭᠰᠠᠨ ᠭᠡᠬᠦ ᠡᠷᠭᠦᠳᠡᠯ ᠴᠠᠭᠳᠠᠭ᠎ᠠ ᠶᠢᠨ ᠪᠠᠶᠢᠭᠤᠯᠤᠯᠭ᠎ᠠ ᠳᠤ ᠢᠷᠡᠭᠰᠡᠨ ᠪᠠᠶᠢᠨ᠎ᠠ᠃ ᠬᠡᠷᠡᠭ ᠭᠠᠷᠤᠭᠰᠠᠨ ᠡᠳᠦᠷ ᠦᠨ ᠥᠷᠯᠥᠭᠡ ᠬᠣᠬᠢᠷᠠᠭᠴᠢ ᠴᠠᠭᠳᠠᠭ᠎ᠠ ᠶᠢᠨ ᠪᠠᠶᠢᠭᠤᠯᠤᠯᠭ᠎ᠠ ᠳᠤ ᠥᠪᠡᠷ ᠦᠨ ᠪᠡᠶ᠎ᠡ ᠪᠡᠷ ᠣᠴᠢᠵᠤ ᠡᠷᠭᠦᠳᠡᠯ ᠭᠠᠷᠭᠠᠭᠰᠠᠨ ᠪᠠᠶᠢᠨ᠎ᠠ᠃ ᠰᠢᠨᠵᠢᠭᠡᠴᠢᠳ ︽ᠬᠡᠷᠡᠭ ᠦᠨ ᠭᠠᠵᠠᠷ ᠤᠨ ᠦᠵᠡᠯᠭᠡ ᠬᠢᠬᠦ ᠳᠦ ᠤᠷᠢᠳᠴᠢᠯᠠᠭᠰᠠᠨ ᠪᠠᠶᠢᠳᠠᠯ ᠢᠶᠠᠷ ᠭᠡᠮᠲᠦ ᠬᠡᠷᠡᠭ ᠦᠨ ᠤᠯᠠ ᠮᠦᠷ ᠢᠯᠡᠷᠡᠭᠡ ᠦᠭᠡᠢ ︾ ᠬᠡᠮᠡᠨ ᠦᠵᠡᠭᠰᠡᠨ ᠪᠥᠭᠡᠳ ᠬᠣᠬᠢᠷᠠᠭᠴᠢ ᠡᠮᠡᠭᠲᠡᠢ ᠶᠢᠨ ᠪᠡᠶ᠎ᠡ ᠳᠦ ᠦᠵᠡᠯᠭᠡ ᠬᠢᠵᠦ᠂ ᠲᠡᠮᠳᠡᠭᠯᠡᠯ ᠬᠦᠲᠦᠯᠵᠦ ᠬᠡᠷᠡᠭ ᠪᠦᠷᠢᠳᠬᠡᠯ ᠨᠡᠭᠡᠭᠡᠵᠡᠢ ᠃
ᠠᠯᠪᠠᠨ ᠤ ᠡᠬᠢ ᠰᠤᠷᠪᠤᠯᠵᠢ ᠶᠢᠨ ᠬᠡᠯᠡᠭᠰᠡᠨ ᠢᠶᠡᠷ᠂ ᠬᠣᠬᠢᠷᠠᠭᠴᠢ ᠡᠮᠡᠭᠲᠡᠢ ᠶᠢᠨ ᠬᠥᠵᠦᠭᠦᠦ᠂ ᠬᠥᠯ᠂ ᠭᠤᠶᠠᠨ ᠤ ᠬᠡᠰᠡᠭ ᠬᠦᠬᠡᠷᠡᠵᠦ ᠬᠠᠪᠤᠳᠤᠭᠰᠠᠨ ᠠᠵᠠᠢ ᠃

ᠰᠡᠳᠬᠢᠭᠳᠡᠯ ᠦᠯᠡᠳᠡᠭᠡᠬᠦ