ᠣ᠊∙ᠬᠠᠩᠭᠠᠢ ᠱᠢᠷᠢᠮ ᠪᠥᠬᠡ ᠶᠢᠨ ᠠᠪᠤᠷᠭᠤ ᠪᠣᠯᠪᠠ | News.MN

ᠣ᠊∙ᠬᠠᠩᠭᠠᠢ ᠱᠢᠷᠢᠮ ᠪᠥᠬᠡ ᠶᠢᠨ ᠠᠪᠤᠷᠭᠤ ᠪᠣᠯᠪᠠ

ᠪᠦᠭᠦᠳᠡ ᠨᠠᠶᠢᠷᠠᠮᠳᠠᠬᠤ ᠰᠤᠯᠤᠩᠭᠤᠰ ᠤᠯᠤᠰ  ᠲᠤ 2018 ᠣᠨ ᠤ ᠠᠷᠪᠠᠨ ᠨᠢᠭᠡᠳᠦᠭᠡᠷ ᠰᠠᠷ᠎ᠠ ᠶᠢᠨ 19 – 26 ᠍ ᠤ ᠡᠳᠦᠷ ᠦᠳ ᠲᠦ ᠪᠣᠯᠤᠭᠰᠠᠨ ᠰᠣᠯᠣᠩᠭᠣᠰ ᠤᠨ ᠦᠨᠳᠦᠰᠦᠨ ᠦ ᠱᠢᠷᠢᠮ ᠪᠥᠬᠡ ᠶᠢᠨ ᠶᠡᠬᠡ ᠠᠪᠤᠷᠭᠤ ᠰᠢᠯᠭᠠᠷᠠᠭᠤᠯᠬᠤ ᠣᠯᠠᠨ ᠤᠯᠤᠰ ᠤᠨ ᠨᠡᠭᠡᠭᠡᠯᠲᠡ ᠲᠡᠢ ᠲᠡᠮᠡᠴᠡᠭᠡᠨ ᠳᠦ ᠮᠣᠩᠭᠣᠯ ᠤᠨ ᠱᠢᠷᠢᠮ ᠪᠥᠬᠡ ᠶᠢᠨ  ︽ᠬᠠᠩᠭᠠᠢ︾ ᠬᠣᠯᠪᠣᠭᠠᠨ ᠤ ᠲᠠᠮᠢᠷᠴᠢᠳ ᠠᠮᠵᠢᠯᠲᠠ ᠲᠠᠢ ᠣᠷᠣᠯᠴᠠᠵᠠᠢ᠃ ᠤᠯᠤᠰ ᠤᠨ ᠵᠠᠭᠠᠨ ᠳ∙ᠪᠠᠰᠠᠩᠳᠣᠷᠵᠢ᠂ ᠤᠯᠤᠰ ᠤᠨ ᠬᠠᠷᠴᠠᠭᠠᠢ ᠣ᠊∙ᠬᠠᠩᠭᠠᠢ᠂ ᠤᠯᠤᠰ ᠤᠨ ᠥᠰᠬᠦ ᠢᠳᠡᠷ ᠨᠠᠴᠢᠨ ᠡ᠊∙ᠡᠩᠬᠡᠪᠠᠲᠤ᠂ ᠤᠯᠤᠰ ᠤᠨ ᠨᠠᠴᠢᠨ ᠡ᠊∙ᠳᠠᠰᠢ᠂ ᠳ∙ᠲᠠᠮᠢᠷ ᠨᠠᠷ ᠤᠨ ᠪᠥᠬᠡᠴᠦᠳ ᠲᠤᠰ ᠲᠡᠮᠡᠴᠡᠭᠡᠨ ᠳᠦ ᠥᠷᠢᠰᠦᠯᠳᠦᠭᠰᠡᠨ ᠡᠴᠡ ᠤᠯᠤᠰ ᠤᠨ  ᠬᠠᠷᠴᠠᠭᠠᠢ ᠣ᠊∙ᠬᠠᠩᠭᠠᠢ ᠬᠠᠮᠤᠭ ᠤᠨ ᠥᠨᠳᠥᠷ ᠠᠮᠵᠢᠯᠲᠠ ᠦᠵᠡᠭᠦᠯᠦᠭᠰᠡᠨ ᠪᠠᠶᠢᠨ᠎ᠠ᠃
ᠲᠡᠷᠡ ᠪᠡᠷ ᠨᠡᠶᠢᠲᠡ 400 ᠭᠠᠷᠤᠢ ᠪᠥᠬᠡ ᠶᠢᠨ ᠪᠠᠷᠢᠯᠳᠤᠭᠠᠨ ᠳᠤ ᠰᠢᠪᠦᠭᠡ ᠶᠢᠨ 16 ᠍ ᠳᠦ ᠦᠯᠡᠳᠡᠭᠰᠡᠨ ᠪᠣᠯ ᠭᠠᠳᠠᠭᠠᠳᠤ ᠪᠥᠬᠡᠴᠦᠳ ᠦᠨ ᠳᠤᠮᠳᠠ ᠵᠣᠬᠢᠶᠠᠨ ᠪᠠᠶᠢᠭᠤᠯᠤᠭᠰᠠᠨ ᠲᠡᠮᠡᠴᠡᠭᠡᠨ ᠳᠦ ᠲᠦᠷᠦᠭᠦᠯᠡᠵᠦ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠦᠨᠳᠦᠰᠦᠨ ᠦ ᠱᠢᠷᠢᠮ ᠪᠥᠬᠡ ᠶᠢᠨ ᠬᠣᠯᠪᠣᠭᠠᠨ ᠠᠴᠠ ᠣᠯᠭᠤᠳᠠᠭ  ︽ᠳᠡᠯᠡᠬᠡᠢ ᠶᠢᠨ ᠰᠢᠷ ᠤᠮ ᠪᠥᠬᠡ ᠶᠢᠨ ᠲᠤᠰᠬᠠᠢ ᠠᠪᠤᠷᠭᠤ︾ ᠡᠷᠭᠦᠮᠵᠢᠯᠡᠯ ᠬᠦᠷᠲᠡᠪᠡ᠃ ᠰᠣᠯᠣᠩᠭᠣᠰ ᠤᠨ ᠦᠨᠳᠦᠰᠦᠨ ᠦ ᠰᠫᠣᠷᠲ ᠱᠢᠷᠢᠮ ᠪᠥᠬᠡ ᠶᠢᠨ ᠲᠥᠷᠥᠯ ᠢᠶᠡᠷ ᠮᠣᠩᠭᠣᠯ ᠤᠨ ᠲᠠᠮᠢᠷᠴᠢᠳ ᠬᠢᠴᠢᠶᠡᠯᠯᠡᠵᠦ ᠡᠬᠢᠯᠡᠭᠰᠡᠨ ᠶᠢᠰᠦᠨ ᠵᠢᠯ ᠦᠨ ᠬᠤᠭᠤᠴᠠᠭᠠᠨ ᠳᠤ ᠮᠣᠩᠭᠣᠯ ᠤᠯᠤᠰ ᠠᠴᠠ ᠠᠩᠬ᠎ᠠ ᠤᠳᠠᠭ᠎ᠠ ᠠᠪᠤᠷᠭᠤ ᠲᠦᠷᠦᠯ᠎ᠡ᠃ ᠡᠨᠡᠬᠦ ᠲᠡᠮᠡᠴᠡᠭᠡᠨ ᠳᠦ ᠰᠤᠯᠤᠩᠭᠤᠰ᠂ ᠮᠣᠩᠭᠣᠯ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠢᠰᠫᠠᠨᠢ᠂ ᠰᠢᠨ᠎ᠡ ᠽᠢᠯᠠᠨᠳ᠋᠂ ᠣᠷᠣᠰ ᠤᠨ ᠶᠠᠺᠤᠲ᠂ ᠰᠠᠬᠠᠯᠢᠨ ᠤ ᠨᠡᠶᠢᠲᠡ 460 ᠭᠠᠷᠤᠢ ᠲᠠᠮᠢᠷᠴᠢᠨ ᠥᠷᠢᠰᠦᠯᠳᠦᠭᠰᠡᠨ ᠡᠴᠡ 60 ᠭᠠᠷᠤᠢ ᠨᠢ ᠭᠠᠳᠠᠭᠠᠳᠤ ᠶᠢᠨ ᠪᠥᠬᠡ ᠪᠠᠶᠢᠴᠠᠢ᠃

ᠰᠡᠳᠬᠢᠭᠳᠡᠯ ᠦᠯᠡᠳᠡᠭᠡᠬᠦ