ᠦᠨᠳᠦᠰᠦᠨ ᠦ ᠢᠨᠨᠣᠸᠠᠼ ᠤᠨ ᠱᠠᠩᠨᠠᠯ ᠭᠠᠷᠳᠠᠭᠤᠯᠤᠯ᠎ᠠ | News.MN

ᠦᠨᠳᠦᠰᠦᠨ ᠦ ᠢᠨᠨᠣᠸᠠᠼ ᠤᠨ ᠱᠠᠩᠨᠠᠯ ᠭᠠᠷᠳᠠᠭᠤᠯᠤᠯ᠎ᠠ

ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠰᠢᠨᠵᠢᠯᠡᠬᠦ ᠤᠬᠠᠭᠠᠨ ᠤ ᠠᠵᠢᠯᠲᠠᠨ ᠤ ᠡᠳᠦᠷ ᠢ ᠲᠣᠬᠢᠶᠠᠯᠳᠤᠭᠤᠯᠤᠨ ᠰᠢᠨ᠎ᠡ ᠪᠦᠲᠦᠭᠡᠯ᠂ ᠣᠨᠣᠪᠴᠢᠲᠠᠢ ᠰᠠᠨᠠᠭ᠎ᠠ ᠶᠢ ᠦᠢᠯᠡᠳᠪᠦᠷᠢᠯᠡᠯ ᠳᠦ ᠨᠡᠪᠲᠡᠷᠡᠭᠦᠯᠦᠭᠰᠡᠨ ᠡᠷᠳᠡᠮᠲᠡᠨ᠂ ᠪᠠᠭ ᠬᠠᠮᠲᠤ  ᠤᠯᠠᠨ ᠳᠤ ︽ᠦᠨᠳᠦᠰᠦᠨ ᠦ ᠢᠨᠨᠣᠸᠠᠼ ᠤᠨ ᠱᠠᠩᠨᠠᠯ ︾ ᠭᠠᠷᠳᠠᠭᠤᠯᠤᠯ᠎ᠠ᠃ ᠡᠨᠡᠬᠦ ᠱᠠᠩᠨᠠᠯ ᠢ ︽ ᠭᠠᠷᠤᠭᠠᠨ ᠤ ᠸᠧᠲ᠋ᠪᠢᠣᠲ᠋ᠧᠺ》 ᠺᠣᠮᠫᠠᠨᠢ ᠶᠢᠨ ᠮᠠᠯ ᠤᠨ ᠠᠷᠠᠰᠤ ᠪᠠᠷ ᠬᠤᠷᠳᠤᠨ ᠲᠠᠷᠬᠠᠵᠤ ᠬᠠᠴᠢᠭ᠂ ᠰᠢᠮᠡᠭᠴᠢ ᠬᠣᠷᠣᠬᠠᠢ ᠶᠢ ᠤᠰᠠᠳᠬᠠᠨ᠂ ᠴᠢᠰᠤ ᠶᠢ ᠴᠡᠪᠡᠷᠰᠢᠭᠦᠯᠵᠦ᠂ ᠡᠷᠡᠭᠦᠯᠵᠢᠭᠦᠯᠳᠡᠭ  ︽ ᠳ᠋ᠸᠯᠲ᠋ᠠᠮᠤᠨ ᠫᠤᠷᠤᠨ︾ ᠪᠦᠲᠦᠭᠡᠯ᠂ 《ᠠᠢ ᠲᠦᠦᠯᠰ 》 ᠺᠣᠮᠫᠠᠨᠢ ᠶᠢᠨ ᠮᠡᠳᠡᠭᠡᠯᠡᠯ ᠦᠨ ᠡᠬᠢ ᠡᠭᠦᠰᠪᠦᠷᠢ ᠶᠢᠨ ᠠᠶᠤᠯ ᠦᠭᠡᠢ ᠪᠠᠶᠢᠳᠠᠯ ᠢ ᠨᠠᠶᠢᠳᠠᠪᠤᠷᠢᠲᠠᠢ ᠬᠠᠮᠠᠭᠠᠯᠠᠬᠤ ᠡᠭᠦᠷᠭᠡ ᠲᠡᠢ ︽ ᠳ᠋ᠠᠲ᠋ᠠ ᠲᠥᠪ ᠦᠨ ᠪᠦᠲᠦᠭᠡᠭᠳᠡᠬᠦᠨ᠂ ᠦᠢᠯᠡᠴᠢᠯᠡᠭᠡ ︾ ᠍ ᠳᠦ ᠲᠤᠰ ᠲᠤᠰ ᠣᠯᠭᠤᠵᠤ᠂ ᠳᠤᠷᠠᠰᠬᠠᠯ ᠤᠨ ᠴᠣᠮᠣ ᠂ 60 ᠰᠠᠶ᠎ᠠ ᠲᠥᠭᠥᠷᠢᠭ ᠦᠨ ᠮᠥᠩᠭᠥᠨ ᠱᠠᠩᠨᠠᠯ ᠢ ᠳᠠᠭᠠᠯᠳᠤᠭᠤᠯᠤᠭᠰᠠᠨ ᠪᠠᠶᠢᠨ᠎ᠠ᠃
ᠮᠣᠩᠭᠣᠯ ᠬᠦᠮᠦᠨ ᠦ ᠣᠶᠤᠨ ᠤᠬᠠᠭᠠᠨ᠂ ᠮᠡᠳᠡᠯᠭᠡ᠂ ᠠᠪᠢᠶᠠᠰ ᠴᠢᠳᠠᠪᠤᠷᠢ᠂ ᠬᠥᠳᠡᠯᠮᠦᠷᠢ ᠵᠢᠳᠬᠦᠯ ᠢᠶᠡᠷ ᠪᠦᠲᠦᠭᠰᠡᠨ ᠮᠣᠩᠭᠣᠯ ᠤᠯᠤᠰ ᠤᠨ ᠨᠡᠶᠢᠭᠡᠮ᠂ ᠡᠳ᠋ ᠍ ᠦᠨ ᠵᠠᠰᠠᠭ ᠤᠨ ᠬᠦᠭᠵᠢᠯ ᠳᠦ ᠰᠢᠨ᠎ᠡ ᠵᠢᠱᠢᠭ ᠠᠪᠴᠢᠷᠠᠵᠤ᠂ ᠣᠯᠠᠨ ᠤᠯᠤᠰ ᠤᠨ ᠰᠲ᠋ᠠᠨᠳᠠᠷᠲ ᠲᠤ ᠬᠦᠷᠴᠦ᠂ ᠤᠯᠤᠰ ᠣᠷᠣᠨ ᠤ ᠪᠠᠨ ᠨᠢᠭᠤᠷ ᠴᠢᠷᠠᠢ᠂ ᠦᠷᠢᠰᠦᠯᠳᠦᠬᠦ ᠴᠢᠳᠠᠪᠤᠷᠢ ᠶᠢᠨ ᠨᠡᠷ᠎ᠡ ᠶᠢᠨ ᠬᠠᠭᠤᠳᠠᠰᠤ ᠪᠣᠯᠵᠤ ᠴᠢᠳᠠᠭᠰᠠᠨ ᠪᠦᠲᠦᠭᠡᠭᠳᠡᠬᠦᠨ᠂ ᠦᠢᠯᠡᠴᠢᠯᠡᠭᠡᠨ ᠳᠦ ︽ᠦᠨᠳᠦᠰᠦᠨ ᠦ ᠢᠨᠨᠣᠸᠠᠼ ᠤᠨ ᠱᠠᠩᠨᠠᠯ︾ ᠣᠯᠭᠤᠳᠠᠭ ᠶᠤᠮ᠃  ᠮᠣᠩᠭᠣᠯ ᠤᠯᠤᠰ ᠤᠨ ᠵᠠᠰᠠᠭ ᠤᠨ ᠭᠠᠵᠠᠷ ᠤᠯᠤᠰ ᠣᠷᠣᠨ ᠤ ᠢᠷᠡᠭᠡᠳᠦᠢ ᠶᠢᠨ ᠬᠥᠭᠵᠢᠯ ᠦᠨ ᠭᠠᠷᠴᠠ ᠪᠣᠯ ᠰᠢᠨᠵᠢᠯᠡᠬᠦ ᠤᠬᠠᠭᠠᠨ ᠳᠤ ᠰᠠᠭᠤᠷᠢᠯᠠᠭᠰᠠᠨ ᠠᠵᠤ ᠦᠢᠯᠡᠳᠪᠦᠷᠢ ᠶᠢ ᠬᠥᠭᠵᠢᠭᠦᠯᠬᠦ ᠶᠠᠪᠤᠳᠠᠯ ᠭᠡᠵᠦ ᠦᠵᠡᠵᠦ ᠦᠢᠯᠡ ᠠᠵᠢᠯᠯᠠᠭᠠᠨ ᠤ ᠬᠥᠲᠥᠯᠪᠦᠷᠢ ᠳᠦ ᠪᠡᠨ ᠰᠢᠨᠵᠢᠯᠡᠬᠦ ᠤᠬᠠᠭᠠᠨ᠂ ᠢᠨᠨᠣᠸᠠᠼ ᠳᠤ ᠵᠠᠷᠤᠴᠠᠭᠤᠯᠬᠤ ᠲᠥᠰᠥᠪ ᠦᠨ ᠰᠠᠩᠬᠦᠦᠵᠢᠯᠲᠠ ᠶᠢᠨ ᠬᠡᠮᠵᠢᠶ᠎ᠡ ᠶᠢ ᠲᠠᠪᠤ ᠳᠠᠬᠢᠨ ᠨᠡᠮᠡᠭᠳᠡᠭᠦᠯᠬᠦ ᠵᠣᠷᠢᠯᠲᠠ ᠲᠠᠯᠪᠢᠵᠤ ᠪᠤᠢ ᠠᠵᠠᠢ ᠃

ᠰᠡᠳᠬᠢᠭᠳᠡᠯ ᠦᠯᠡᠳᠡᠭᠡᠬᠦ