ᠽ∙ᠡᠩᠬᠡᠪᠣᠯᠤᠳ᠄ ᠬᠣᠨᠢ ᠪᠦᠲᠦᠨ ᠴᠢᠨᠣ᠎ᠠ ᠴᠠᠳᠬᠤᠯᠠᠩ ᠰᠢᠢᠳᠦᠭᠳᠡᠯ᠎ᠡ | News.MN

ᠽ∙ᠡᠩᠬᠡᠪᠣᠯᠤᠳ᠄ ᠬᠣᠨᠢ ᠪᠦᠲᠦᠨ ᠴᠢᠨᠣ᠎ᠠ ᠴᠠᠳᠬᠤᠯᠠᠩ ᠰᠢᠢᠳᠦᠭᠳᠡᠯ᠎ᠡ

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠥᠴᠥᠭᠡᠳᠦᠷ ᠦᠨ ᠬᠤᠷᠠᠯᠳᠤᠭᠠᠨ ᠢᠶᠠᠷ ᠬᠣᠷᠢᠭ ᠢ ᠬᠡᠯᠡᠯᠴᠡᠬᠦ ᠦᠶ᠎ᠡ ᠳᠦ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠽ∙ᠡᠩᠬᠡᠪᠣᠯᠤᠳ ᠪᠦᠬᠦᠯᠢ ᠳᠦ ᠨᠢ ᠲᠠᠯᠪᠢᠭᠰᠠᠨ ᠬᠣᠷᠢᠭ ᠢ ᠲᠣᠳᠣᠳᠬᠠᠨ ᠥᠭᠡᠷᠡᠴᠢᠯᠡᠵᠦ ᠪᠠᠶᠢᠭ᠎ᠠ ᠶᠢ ᠮᠡᠳᠡᠭᠳᠡᠭᠰᠡᠨ᠃ ᠡᠨᠡᠬᠦ ᠲᠣᠳᠣᠳᠬᠠᠯ ᠢ ᠤᠯᠤᠰ ᠤᠨ ᠶᠡᠬᠡ ᠬᠤᠷᠠᠯ ᠤᠨ ᠴᠢᠭᠤᠯᠭᠠᠨ ᠢᠶᠠᠷ ᠰᠠᠶ᠋ᠢ ᠬᠡᠯᠡᠯᠴᠡᠭᠡᠳ ᠭᠡᠰᠢᠭᠦᠳ ᠦᠨ ᠣᠯᠠᠩᠬᠢ ᠳᠡᠮᠵᠢᠭᠰᠡᠨ ᠢᠶᠡᠷ ᠬᠦᠯᠢᠶᠡᠨ ᠠᠪᠤᠯ᠎ᠠ᠃ ᠡᠨᠡ ᠲᠠᠯ᠎ᠠ ᠪᠠᠷ ᠽ∙ᠡᠩᠬᠡᠪᠣᠯᠤᠳ ᠠᠴᠠ ᠲᠣᠳᠣᠷᠠᠭᠤᠯᠤᠯ᠎ᠠ᠃
– ᠶᠡᠷᠦᠩᠬᠡᠶᠢᠯᠡᠭᠴᠢ ᠶᠢᠨ ᠬᠣᠷᠢᠭ ᠢ ᠶᠡᠬᠡ ᠬᠤᠷᠠᠯ ᠬᠦᠯᠢᠶᠡᠵᠦ ᠠᠪᠬᠤ ᠦᠭᠡᠢ ᠭᠡᠰᠡᠨ ᠴᠤ ᠲᠣᠳᠣᠳᠬᠠᠯ ᠬᠢᠬᠦ ᠪᠡᠷ ᠪᠣᠯᠵᠤ ᠪᠠᠶᠢᠨ᠎ᠠ ᠭᠡᠵᠦ ᠣᠶᠢᠯᠠᠭᠠᠵᠤ ᠪᠣᠯᠬᠤ ᠤᠤ ︖
– ᠶᠠᠮᠠᠷ ᠲᠠᠢ ᠴᠤ ᠬᠣᠷᠢᠭ ᠢ ᠬᠡᠯᠡᠯᠴᠡᠬᠦ ᠬᠤᠭᠤᠴᠠᠭᠠᠨ ᠳᠤ ᠪᠠᠨ ᠠᠮᠵᠢᠯ᠎ᠠ᠃ ᠬᠣᠷᠢᠭ ᠢ ᠬᠦᠯᠢᠶᠡᠵᠦ ᠠᠪᠬᠤ ᠦᠭᠡᠢ ᠭᠡᠳᠡᠭ ᠳᠡᠭᠡᠷ᠎ᠡ ᠭᠡᠰᠢᠭᠦᠳ ᠰᠠᠨᠠᠯ ᠨᠢᠭᠡᠳᠴᠦ ᠪᠠᠶᠢᠬᠤ ᠰᠢᠭ᠋ ᠪᠠᠶᠢᠨ᠎ᠠ᠃ ᠬᠣᠷᠢᠭ ᠤᠨ ᠬᠣᠶᠠᠳᠤᠭᠠᠷ  ᠵᠢᠭᠠᠯᠲᠠ ᠲᠠᠢ ᠪᠠᠷᠤᠭ ᠪᠦᠬᠦ ᠭᠡᠰᠢᠭᠦᠳ ᠰᠠᠨᠠᠯ ᠨᠡᠶᠢᠯᠡᠭᠰᠡᠨ᠃ ᠲᠡᠷᠡ ᠨᠢ ᠬᠥᠳᠡᠭᠡ ᠠᠵᠤ ᠠᠬᠤᠢ ᠶᠢᠨ ᠭᠠᠷᠤᠯ ᠲᠠᠢ ᠡᠺᠰᠫᠤᠷᠲ ᠲᠤ ᠴᠢᠭᠯᠡᠭᠰᠡᠨ ᠦᠢᠯᠡᠳᠪᠦᠷᠢ ᠨᠦᠭᠦᠳ ᠢ ᠪᠠᠷᠢᠵᠤ ᠪᠠᠶᠢᠭᠤᠯᠬᠤ ᠳᠤ ᠱᠠᠭᠠᠷᠳᠠᠭᠳᠠᠬᠤ 500 ᠲᠡᠷᠪᠤᠮ ᠲᠥᠭᠥᠷᠢᠭ ᠬᠦᠷᠲᠡᠯᠡᠬᠢ ᠨᠡᠩ ᠬᠥᠩᠭᠡᠯᠡᠯᠲᠡ ᠲᠡᠢ ᠵᠡᠭᠡᠯᠢ ᠶᠢᠨ ᠡᠬᠢ ᠡᠭᠦᠰᠪᠦᠷᠢ ᠶᠢ  ︽ᠲᠥᠰᠥᠪ ᠦᠨ ᠲᠤᠬᠠᠢ︾ ᠬᠠᠤᠯᠢ ᠶᠢᠨ ᠳᠠᠭᠠᠤ ᠲᠥᠰᠥᠪ ᠲᠦ ᠲᠣᠳᠣᠳᠬᠠᠯ ᠬᠢᠬᠦ ᠵᠠᠮ ᠢᠶᠠᠷ ᠰᠢᠢᠳᠪᠦᠷᠢᠯᠡᠬᠦ ᠶᠢ ᠮᠣᠩᠭᠣᠯ ᠤᠯᠤᠰ ᠤᠨ ᠵᠠᠰᠠᠭ ᠤᠨ ᠭᠠᠵᠠᠷ ᠤ᠊∙ᠬᠦᠷᠡᠯᠰᠦ᠋ᠬᠡ ᠳᠦ ᠳᠠᠭᠠᠭᠠᠯᠭᠠᠰᠤᠭᠠᠢ ᠭᠡᠰᠡᠨ ᠥᠭᠦᠯᠡᠪᠦᠷᠢ ᠶᠢ ᠨᠡᠮᠡᠭᠡᠳ  ︽ᠬᠣᠨᠢ ᠪᠦᠲᠦᠨ ᠴᠢᠨᠣ᠎ᠠ ᠴᠠᠳᠬᠤᠯᠠᠩ︾ ᠸᠠᠷᠶᠠᠨᠲ ᠢᠶᠠᠷ ᠰᠢᠢᠳᠴᠦ ᠪᠠᠶᠢᠨ᠎ᠠ᠃ ᠡᠨᠡ ᠵᠢᠯ ᠨᠡᠭᠦᠷᠡᠰᠦᠨ ᠦ ᠦᠨ᠎ᠡ ᠥᠨᠳᠥᠷ ᠪᠠᠶᠢᠭᠰᠠᠨ ᠲᠠᠢ ᠬᠣᠯᠪᠣᠭᠠᠲᠠᠢ ᠪᠠᠷ 1.3 ᠶᠡᠬᠡ ᠨᠠᠶᠤᠳ ᠣᠷᠴᠢᠮ ᠲᠥᠭᠥᠷᠢᠭ ᠢᠶᠡᠷ ᠣᠷᠣᠯᠭ᠎ᠠ ᠳᠠᠪᠠᠵᠤ ᠪᠡᠶᠡᠯᠡᠭᠰᠡᠨ᠃ ᠲᠡᠭᠦᠨ ᠡᠴᠡ ᠡᠨᠡ ᠣᠨ ᠪᠣᠯᠤᠨ 2019 ᠣᠨ ᠳᠤ 500 ᠲᠡᠷᠪᠤᠮ ᠬᠦᠷᠲᠡᠯᠡᠬᠢ ᠲᠥᠭᠥᠷᠢᠭ ᠢ ᠬᠥᠭᠵᠢᠯ ᠦᠨ ᠪᠠᠩᠭᠢ ᠳᠤ ᠪᠠᠶᠢᠷᠢᠰᠢᠭᠤᠯᠤᠭᠠᠳ 5-10 ᠵᠢᠯ ᠦᠨ ᠬᠤᠭᠤᠴᠠᠭ᠎ᠠ ᠲᠠᠢ ᠪᠠᠷ  ᠵᠢᠵᠢᠭ ᠳᠤᠮᠳᠠ ᠦᠢᠯᠡᠳᠪᠤᠷᠢ ᠶᠢ ᠳᠡᠮᠵᠢᠬᠦ ᠰᠠᠩ ᠰᠢᠭ᠋ ᠠᠵᠢᠯᠯᠠᠨ᠎ᠠ᠃ ᠥᠭᠡᠷ᠎ᠡ ᠪᠡᠷ ᠬᠡᠯᠡᠪᠡᠯ᠂ ᠲᠥᠰᠥᠪ ᠬᠥᠭᠵᠢᠯ ᠦᠨ ᠪᠠᠩᠭᠢ ᠳᠤ ᠬᠦᠦ ᠦᠭᠡᠢ ᠮᠥᠩᠭᠥ ᠥᠭᠭᠦᠨ᠎ᠡ᠂ ᠬᠥᠭᠵᠢᠯ ᠦᠨ ᠪᠠᠩᠬᠢ ᠴᠠᠭᠠᠰᠢ ᠨᠢ ᠵᠢᠭᠡᠯᠡᠭᠦᠯᠬᠦ  ᠳᠦ ᠪᠡᠨ ᠳᠡᠭᠡᠳᠦ ᠲᠠᠯ᠎ᠠ ᠨᠢ 3-5 ᠬᠤᠪᠢ ᠶᠢᠨ ᠬᠦᠦ ᠲᠡᠢ ᠪᠡᠷ ᠡᠬᠢ ᠡᠭᠦᠰᠪᠦᠷᠢ ᠭᠠᠷᠭᠠᠵᠤ ᠥᠭᠭᠦᠨ᠎ᠡ᠃
ᠡᠨᠡ ᠦᠢᠯᠡᠳᠪᠦᠷᠢ ᠨᠦᠭᠦᠳ ᠢ ᠮᠡᠳᠡᠭᠡᠵᠢ ᠤᠯᠤᠰ ᠪᠠᠷᠢᠬᠤ ᠦᠭᠡᠢ ᠬᠤᠪᠢ ᠶᠢᠨ ᠬᠢᠨ ᠪᠠᠷᠢᠨ᠎ᠠ᠃ ᠵᠢᠯ ᠪᠣᠯᠭᠠᠨ ᠨᠢᠳᠤᠯᠵᠤ ᠪᠠᠶᠢᠭ᠎ᠠ 15 ᠰᠠᠶ᠎ᠠ ᠮᠠᠯ ᠤᠨ ᠲᠦᠭᠦᠬᠡᠢ ᠡᠳ᠋ ᠍ ᠢ ᠪᠣᠯᠪᠠᠰᠤᠷᠠᠭᠤᠯᠬᠤ ᠭᠤᠷᠪᠠᠨ ᠴᠣᠭᠴᠠᠯᠠᠪᠤᠷᠢ ᠦᠢᠯᠡᠳᠪᠦᠷᠢ ᠪᠠᠷᠢᠬᠤ ᠪᠠᠷ ᠲᠥᠯᠥᠪᠯᠡᠵᠦ ᠪᠠᠶᠢᠨ᠎ᠠ᠃
-ᠲᠡᠭᠡᠬᠦ ᠪᠡᠷ ᠲᠥᠰᠥᠪ ᠲᠦ ᠲᠣᠳᠣᠳᠬᠠᠯ ᠬᠢᠨ᠎ᠡ ᠭᠡᠰᠡᠨ ᠦᠭᠡ ᠦᠦ ︖
– ᠲᠣᠳᠣᠳᠬᠠᠯ ᠬᠢᠨ᠎ᠡ᠃ ᠭᠡᠬᠦ ᠳᠦ ᠪᠡᠨ ᠡᠨᠡ ᠵᠢᠯ ᠬᠡᠳᠦ ᠶᠢ ᠳᠠᠷᠠᠭ᠎ᠠ ᠵᠢᠯ ᠬᠡᠳᠦ ᠶᠢ  ᠶᠠᠭᠠᠬᠢᠵᠤ ᠬᠤᠪᠢᠶᠠᠵᠤ ᠰᠠᠭᠤᠯᠭᠠᠬᠤ ᠪᠤᠢ ᠭᠡᠳᠡᠭ ᠳᠡᠭᠡᠷ᠎ᠡ ᠤᠶᠠᠨ ᠬᠠᠲᠠᠨ ᠬᠠᠨᠳᠤᠬᠤ ᠪᠠᠶᠢᠬᠤ᠃ ᠶᠡᠷᠦᠩᠬᠡᠶᠢᠯᠡᠭᠴᠢ ᠬᠡᠵᠢᠶ᠎ᠡ ᠴᠤ ᠤᠯᠤᠰ ᠤᠨ ᠦᠢᠯᠡᠳᠪᠦᠷᠢ ᠪᠠᠶᠢᠭᠤᠯᠤᠨ᠎ᠠ ᠭᠡᠵᠦ ᠬᠡᠯᠡᠭᠡ ᠦᠭᠡᠢ᠃ ᠭᠡᠰᠢᠭᠦᠳ ᠮᠤᠰᠬᠢᠭᠠᠳ ᠪᠠᠶᠢᠭᠰᠠᠨ ᠶᠤᠮ᠃ ᠵᠢᠵᠢᠭ ᠳᠤᠮᠳᠠ ᠦᠢᠯᠡᠳᠪᠦᠷᠢ ᠳᠦ 200-300 ᠲᠡᠷᠪᠤᠮ ᠲᠥᠭᠥᠷᠢᠭ ᠥᠭᠴᠢᠬᠡᠯ᠎ᠡ᠃ ᠲᠥᠰᠥᠪ ᠡᠴᠡ ᠥᠭᠭᠦᠭᠰᠡᠨ ᠮᠥᠩᠭᠥ ᠪᠡᠷ ᠬᠤᠪᠢ ᠶᠢᠨ ᠬᠢᠨ ᠦᠢᠯᠡᠳᠪᠦᠷᠢ ᠪᠠᠶᠢᠭᠤᠯᠳᠠᠭ᠃ ᠡᠨᠡ ᠵᠢᠭᠡᠯᠡ ᠪᠡᠷ ᠲᠣᠮᠣᠬᠠᠨ ᠬᠡᠮᠵᠢᠶᠡᠨ ᠦ ᠦᠢᠯᠡᠳᠪᠦᠷᠢ ᠨᠦᠭᠦᠳ ᠪᠠᠶᠢᠭᠤᠯᠤᠭᠳᠠᠨ᠎ᠠ᠃
– ᠶᠡᠷᠦᠩᠬᠡᠶᠢᠯᠡᠭᠴᠢ ᠶᠢᠨ ᠱᠠᠭᠠᠷᠳᠠᠯᠭ᠎ᠠ ᠪᠡᠶᠡᠯᠡᠴᠢᠬᠡᠯ᠎ᠡ ᠭᠡᠵᠦ ᠦᠵᠡᠬᠦ ᠪᠣᠯᠬᠤ ᠤᠤ ︖
– ᠶᠡᠷᠦᠩᠬᠡᠶᠢᠯᠡᠭᠴᠢ ᠶᠢᠨ ᠬᠣᠷᠢᠭ ᠤᠨ ᠵᠢᠷᠭᠤᠭᠠᠨ ᠵᠢᠭᠠᠯᠲᠠ ᠶᠢᠨ ᠠᠯᠢ ᠨᠢ ᠴᠤ ᠪᠡᠶᠡᠯᠡᠭᠡ ᠦᠭᠡᠢ᠃ ᠵᠢᠷᠭᠤᠭᠠᠨ ᠵᠢᠭᠠᠯᠲᠠ ᠶᠢ ᠦᠨᠳᠦᠰᠦᠯᠡᠭᠡᠳ ᠳᠣᠯᠣᠭ᠎ᠠ ᠳ᠋ᠡᠬᠢ ᠨᠢ ᠪᠣᠯᠭᠠᠵᠤ ᠡᠨᠡ 500 ᠲᠡᠷᠪᠤᠮ ᠭᠡᠳᠡᠭ ᠬᠡᠰᠡᠭ ᠢ ᠣᠷᠣᠭᠤᠯᠤᠭᠰᠠᠨ᠃ ᠡᠨᠡ ᠯᠠ ᠪᠡᠶᠡᠯᠡᠭᠰᠡᠨ᠃
-ᠡᠨᠡ 500 ᠲᠡᠷᠪᠤᠮ ᠤᠨ ᠰᠠᠩᠬᠦᠦᠵᠢᠯᠲᠠ ᠠᠬᠢᠭᠠᠳ ᠯᠠ ᠵᠢᠵᠢᠭ ᠳᠤᠮᠳᠠ ᠦᠢᠯᠡᠳᠪᠤᠷᠢ ᠶᠢ ᠳᠡᠮᠵᠢᠬᠦ ᠰᠠᠩ ᠍ ᠲᠠᠢ ᠠᠳᠠᠯᠢ ᠪᠣᠯᠴᠢᠬᠠᠪᠠᠯ  ᠶᠠᠭᠠᠬᠢᠬᠤ ᠪᠤᠢ ︖
-ᠠᠳᠠᠯᠢᠬᠠᠨ ᠪᠣᠯᠭᠠᠬᠤ ᠦᠭᠡᠢ ᠶᠢᠨ ᠲᠤᠯᠠᠳᠠ ᠪᠠᠩᠬᠢ ᠪᠠᠷ ᠣᠯᠭᠤᠵᠤ ᠪᠠᠶᠢᠭ᠎ᠠ ᠶᠤᠮ᠃ ᠰᠠᠶᠢᠳ ᠥᠭᠭᠦᠭᠡᠳ ᠪᠠᠶᠢᠪᠠᠯ ᠶᠠᠭ ᠯᠠ ᠵᠢᠵᠢᠭ ᠳᠤᠮᠳᠠ ᠦᠢᠯᠡᠳᠪᠦᠷᠢ ᠰᠢᠭ ᠪᠣᠯᠤᠨ᠎ᠠ᠃ ᠵᠢᠵᠢᠭ ᠳᠤᠮᠳᠠ ᠦᠢᠯᠡᠳᠪᠦᠷᠢ ᠶᠢ ᠴᠤ ᠭᠡᠰᠡᠨ ᠰᠠᠶᠢᠳ ᠥᠭᠬᠦ ᠦᠭᠡᠢ ᠪᠣᠯᠤᠭᠰᠠᠨ᠃ ᠢᠷᠡᠬᠦ ᠣᠨ ᠤ ᠨᠢᠭᠡᠳᠦᠭᠡᠷ ᠰᠠᠷ᠎ᠠ ᠶᠢᠨ 1 ᠍ ᠦ ᠡᠳᠦᠷ ᠡᠴᠡ ᠵᠢᠵᠢᠭ ᠳᠤᠮᠳᠠ ᠦᠢᠯᠡᠳᠪᠤᠷᠢ ᠶᠢ ᠳᠡᠮᠵᠢᠬᠦ ᠰᠠᠩ  ᠠᠴᠠ ᠵᠢᠭᠡᠯᠡ  ᠠᠪᠬᠤ ᠶᠢᠨ ᠲᠤᠯᠠᠳᠠ  ᠶᠠᠮᠤᠨ ᠍ ᠳᠦ ᠬᠠᠨᠳᠤᠬᠤ ᠱᠠᠭᠠᠷᠳᠠᠯᠭ᠎ᠠ ᠦᠭᠡᠢ ᠪᠣᠯᠵᠤ ᠪᠠᠶᠢᠭ᠎ᠠ᠃ ᠪᠠᠩᠬᠢᠨ ᠠᠴᠠ ᠠᠪᠤᠨ᠎ᠠ᠃ ᠮᠠᠨ ᠤ ᠬᠣᠷᠢᠭ ᠤᠨ ᠵᠢᠷᠭᠤᠳᠤᠭᠠᠷ ᠵᠦᠢᠯ ᠳᠡᠭᠡᠷ᠎ᠡ ᠪᠠᠶᠢᠭᠰᠠᠨ ᠡᠨᠡ ᠬᠡᠰᠡᠭ ᠢ ᠵᠠᠰᠠᠭ ᠤᠨ ᠭᠠᠵᠠᠷ ᠬᠦᠯᠢᠶᠡᠵᠦ ᠠᠪᠤᠭᠰᠠᠨ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ