《ᠪᠤᠭᠤ ᠶᠢᠨ ᠵᠠᠭᠤᠯᠲᠠ 》 ᠴᠠᠢ ᠬᠡᠷᠡᠭᠯᠡᠭᠴᠢᠳ ᠲᠦ ᠬᠦᠷᠴᠦ ᠡᠬᠢᠯᠡᠯ᠎ᠡ | News.MN

《ᠪᠤᠭᠤ ᠶᠢᠨ ᠵᠠᠭᠤᠯᠲᠠ 》 ᠴᠠᠢ ᠬᠡᠷᠡᠭᠯᠡᠭᠴᠢᠳ ᠲᠦ ᠬᠦᠷᠴᠦ ᠡᠬᠢᠯᠡᠯ᠎ᠡ

ᠬᠥᠪᠰᠥᠭᠥᠯ ᠠᠶᠢᠮᠠᠭ ᠤᠨ ᠳᠣᠯᠣᠭᠠᠨ ᠳᠣᠩᠭᠣᠯ ᠺᠣᠮᠫᠠᠨᠢ ︽ᠪᠤᠭᠤ ᠶᠢᠨ ᠵᠠᠭᠤᠯᠲᠠ》 ᠨᠡᠷ᠎ᠡ ᠲᠡᠢ ᠴᠠᠢ ᠶᠢ ᠦᠢᠯᠡᠳᠪᠦᠷᠢᠯᠡᠨ ᠬᠡᠷᠡᠭᠯᠡᠭᠴᠢᠳ ᠲᠦ ᠬᠦᠷᠭᠡᠵᠦ ᠡᠬᠢᠯᠡᠯ᠎ᠡ᠃ ᠲᠤᠰ  ᠴᠠᠢ ᠶᠢᠨ ᠵᠣᠷ ᠢ ᠤᠯᠠᠭᠠᠨ-ᠠᠭᠤᠯᠠ ᠰᠤᠮᠤ ᠶᠢᠨ ᠣᠲᠠᠴᠢ ᠮᠠᠷᠠᠮᠪᠠ ᠳ᠋ᠤᠯᠭᠠᠷ ᠤᠨ ᠪᠠᠰᠠᠪᠢᠰᠢ 30 ᠭᠠᠷᠤᠢ ᠵᠢᠯ ᠰᠤᠳᠤᠯᠤᠨ ᠥᠪᠡᠷ ᠢᠶᠡᠨ ᠬᠡᠷᠡᠭᠯᠡᠨ ᠪᠠᠶᠢᠵᠤ ᠪᠣᠯᠪᠠᠰᠤᠷᠠᠭᠤᠯᠤᠭᠰᠠᠨ ᠪᠠᠶᠢᠨ᠎ᠠ᠃ ᠨᠠᠶᠢᠷᠠᠯᠭᠠᠨ ᠳᠤ ᠳᠠᠷᠬᠠᠳ ᠤᠨ ᠬᠣᠲᠣᠭᠣᠷ ᠲᠤ ᠤᠷᠭᠤᠳᠠᠭ ᠠᠯᠲᠠᠨᠭᠠᠩᠨᠠᠭᠤᠷ ᠤᠨ ᠴᠡᠴᠡᠭ᠂ ᠴᠠᠭᠠᠨ ᠳᠠᠯᠢ᠂ ᠬᠠᠷ᠎ᠠ ᠳᠠᠯᠢ᠂ ᠪᠤᠭᠤ ᠶᠢᠨ ᠵᠠᠭᠤᠯᠲᠠ ᠪᠤᠶᠤ ᠶᠡᠬᠡ ᠵᠤᠯᠠ ᠴᠡᠴᠡᠭ᠂ ᠨᠣᠬᠠᠢ ᠶᠢᠨ ᠬᠣᠰᠢᠭᠤᠨ ᠤ ᠴᠡᠴᠡᠭ᠂ ᠬᠥᠪᠥᠩ ᠤᠷᠤᠶᠢᠲᠤ ᠪᠣᠯᠤᠨ ᠪᠤᠰᠤᠳ ᠴᠠᠢ  ᠳᠤ ᠬᠡᠷᠡᠭᠯᠡᠭᠳᠡᠳᠡᠭ ᠬᠣᠪᠣᠷ ᠤᠷᠭᠤᠮᠠᠯ ᠤᠳ ᠣᠷᠣᠵᠠᠢ ᠃ ︽ᠪᠤᠭᠤ ᠶᠢᠨ ᠵᠠᠭᠤᠯᠲᠠ︾ ᠴᠠᠢ ᠨᠢ ᠬᠦᠮᠦᠨ ᠦ ᠪᠡᠶ᠎ᠡ ᠶᠢᠨ ᠪᠤᠯᠴᠢᠩ ᠤᠨ ᠦᠢᠯᠡ ᠠᠵᠢᠯᠯᠠᠭ᠎ᠠ ᠶᠢ ᠰᠠᠶᠢᠵᠢᠷᠠᠭᠤᠯᠵᠤ᠂ ᠴᠢᠰᠤᠨ ᠤ ᠡᠷᠭᠢᠯᠲᠡ ᠶᠢ ᠨᠡᠮᠡᠭᠳᠡᠭᠦᠯᠵᠦ ᠨᠠᠰᠤ ᠶᠢ ᠵᠠᠯᠠᠭᠤᠵᠢᠭᠤᠯᠵᠤ᠂ ᠲᠠᠮᠢᠷ ᠨᠡᠮᠡᠭᠳᠡᠭᠦᠯᠬᠦ ᠦᠢᠯᠡᠴᠢᠯᠡᠭᠡ ᠲᠡᠢ ᠢᠳᠡᠭᠡᠰᠢᠯ ᠰᠠᠶᠢᠲᠠᠢ ᠠᠩᠬᠢᠯᠤᠭᠤᠨ ᠦᠨᠦᠷ ᠲᠡᠢ ᠤᠷᠭᠤᠮᠠᠯ ᠤᠨ ᠭᠠᠷᠤᠯᠲᠠᠢ ᠪᠠᠶᠢᠭᠠᠯ ᠤᠨ ᠴᠡᠪᠡᠷ ᠪᠦᠲᠦᠭᠡᠭᠳᠡᠬᠦᠨ ᠶᠤᠮ᠃

ᠰᠡᠳᠬᠢᠭᠳᠡᠯ ᠦᠯᠡᠳᠡᠭᠡᠬᠦ