ᠪᠠᠶᠠᠨ-ᠥᠯᠥᠭᠡᠢ᠂ ᠭᠣᠪᠢ-ᠠᠯᠲᠠᠢ᠂ ᠵᠠᠪᠬᠠᠨ᠂ ᠬᠣᠪᠳᠣ᠂ ᠤᠪᠰᠤ ᠠᠶᠢᠮᠠᠭ ᠤᠨ ᠨᠤᠲᠤᠭ ᠲᠤ ᠥᠴᠥᠭᠡᠳᠦᠷ ᠴᠠᠭ ᠠᠭᠠᠷ ᠤᠨ ᠭᠠᠮᠰᠢᠭᠲᠤ ᠦᠵᠡᠭᠳᠡᠯ ᠪᠣᠯᠵᠤ᠂ 50 ᠭᠠᠷᠤᠢ ᠰᠤᠮᠤᠨ ᠳᠤ ᠡᠷᠴᠢᠮ ᠬᠦᠴᠦ ᠲᠠᠰᠤᠷᠠᠭᠠᠳ ᠪᠠᠶᠢᠨ᠎ᠠ᠃ ᠣᠷᠣᠨ ᠨᠤᠲᠤᠭ ᠲᠤ ᠡᠭᠦᠰᠦᠭᠡᠳ ᠪᠠᠶᠢᠭ᠎ᠠ ᠨᠥᠬᠥᠴᠡᠯ ᠪᠠᠶᠢᠳᠠᠯ ᠲᠠᠢ ᠬᠣᠯᠪᠣᠭᠳᠠᠭᠤᠯᠤᠨ ᠥᠨᠥᠳᠥᠷ 14.00 ᠴᠠᠭ ᠲᠤ ᠰᠢᠳᠠᠷ ᠰᠠᠶᠢᠳ ᠤᠨ ᠥᠷᠥᠭᠡᠨ ᠳᠦ ᠣᠨᠴᠠᠭᠠᠢ ᠺᠣᠮᠢᠰ ᠬᠤᠷᠠᠯᠳᠤᠯ᠎ᠠ᠃ ᠤᠯᠤᠰ ᠤᠨ ᠣᠨᠴᠠᠭᠠᠢ ᠺᠣᠮᠢᠰ ᠤᠨ ᠬᠤᠷᠠᠯᠳᠤᠭᠠᠨ ᠳᠤ ᠵᠠᠰᠠᠭ ᠤᠨ ᠭᠠᠵᠠᠷ ᠤᠨ ᠰᠠᠶᠢᠳ ᠨᠠᠷ ᠣᠷᠣᠯᠴᠠᠭᠰᠠᠨ ᠶᠤᠮ᠃ ᠬᠤᠷᠠᠯᠳᠤᠭᠠᠨ ᠢ ᠤᠳᠤᠷᠢᠳᠴᠤ ᠰᠢᠳᠠᠷ ᠰᠠᠶᠢᠳ ᠥ᠊∙ᠡᠩᠬᠡᠲᠦᠪᠰᠢᠨ ᠬᠡᠯᠡᠬᠦ ᠳᠦ ᠪᠡᠨ ᠄ ᠠᠷᠪᠠᠨ ᠨᠢᠭᠡᠳᠦᠭᠡᠷ ᠰᠠᠷ᠎ᠠ ᠶᠢᠨ 25 ᠍ ᠤ ᠡᠳᠦᠷ ᠬᠣᠪᠳᠣ᠂ ᠤᠪᠰᠤ᠂ ᠪᠠᠶᠠᠨ-ᠥᠯᠥᠭᠡᠢ᠂ ᠭᠣᠪᠢ-ᠠᠯᠲᠠᠢ ᠠᠶᠢᠮᠠᠭ ᠲᠤ ᠪᠠᠶᠢᠭᠠᠯᠢ ᠶᠢᠨ ᠭᠡᠨᠡᠳᠲᠡ ᠶᠢᠨ ᠭᠠᠮᠰᠢᠭᠲᠤ ᠦᠵᠡᠭᠳᠡᠯ ᠪᠣᠯᠤᠭᠰᠠᠨ᠃ ᠰᠠᠯᠬᠢᠨ ᠳᠤ 212 ᠠᠶᠢᠯ ᠤᠨ ᠭᠡᠷ᠂ ᠬᠠᠰᠢᠶ᠎ᠠ ᠨᠤᠷᠠᠭᠰᠠᠨ᠂ 52 ᠰᠤᠮᠤ ᠶᠢᠨ ᠴᠠᠬᠢᠯᠭᠠᠨ ᠲᠠᠰᠤᠷᠠᠭᠰᠠᠨ᠃ ᠰᠤᠷᠠᠭ ᠦᠭᠡᠢ ᠠᠯᠠᠭ᠎ᠠ ᠪᠣᠯᠤᠭᠰᠠᠨ ᠶᠢᠰᠦᠨ ᠢᠷᠭᠡᠨ ᠡᠰᠡᠨ ᠮᠡᠨᠳᠦ ᠣᠯᠳᠠᠭᠰᠠᠨ᠃ ᠰᠤᠷᠭᠠᠭᠤᠯᠢ᠂ ᠴᠡᠴᠡᠷᠯᠢᠭ᠂ ᠣᠷᠣᠨ ᠰᠠᠭᠤᠴᠠᠨ ᠤ ᠪᠠᠷᠢᠯᠭ᠎ᠠ ᠶᠢᠨ ᠳᠡᠭᠡᠪᠦᠷ ᠬᠡᠶᠢᠰᠦᠭᠰᠡᠨ ᠭᠡᠯᠡ᠃
ᠡᠷᠴᠢᠮ ᠬᠦᠴᠦᠨ ᠦ ᠰᠠᠶᠢᠳ ᠼ∙ᠳᠠᠸᠠᠰᠦ᠋ᠷᠦᠩ᠄ ᠴᠠᠭ ᠠᠭᠠᠷ ᠤᠨ ᠣᠨᠴᠠ ᠠᠶᠤᠯᠲᠠᠢ ᠦᠵᠡᠭᠳᠡᠯ ᠦᠨ ᠤᠯᠠᠮ ᠠᠴᠠ ᠣᠷᠣᠰ ᠠᠴᠠ ᠡᠷᠴᠢᠮ ᠬᠦᠴᠦ ᠬᠠᠩᠭᠠᠳᠠᠭ 220 ᠺᠦᠸᠠᠳ᠋ ᠍ ᠲᠤ- ᠍ ᠤᠨ ᠭᠤᠷᠪᠠᠨ ᠲᠤᠯᠭᠠᠭᠤᠷᠢ ᠭᠡᠮᠲᠦᠭᠰᠡᠨ᠃ ᠬᠣᠶᠠᠷ ᠢ ᠨᠢ ᠬᠣᠯᠪᠣᠵᠤ ᠪᠠᠶᠢᠨ᠎ᠠ᠃ ᠱᠤᠭᠤᠮ ᠢ ᠪᠦᠷᠢᠨ ᠰᠡᠷᠭᠦᠭᠡᠭᠰᠡᠨ ᠦ ᠳᠠᠷᠠᠭ᠎ᠠ ᠪᠠᠷᠠᠭᠤᠨ ᠪᠥᠰᠡ ᠶᠢᠨ ᠡᠷᠴᠢᠮ ᠬᠦᠴᠦ ᠬᠡᠪ ᠦᠨ ᠪᠠᠶᠢᠳᠠᠯ ᠳᠤ ᠣᠷᠣᠨ᠎ᠠ᠃ ᠮᠠᠷᠭᠠᠰᠢ ᠳᠤ ᠪᠠᠨ ᠪᠠᠭᠲᠠᠭᠠᠨ ᠵᠠᠰᠠᠪᠤᠷᠢ ᠶᠢ ᠳᠠᠭᠤᠰᠬᠠᠨ᠎ᠠ᠃ ᠤᠯᠠᠭᠠᠨ ᠭᠤᠮ ᠠᠴᠠ ᠡᠮᠦᠨᠡᠭᠣᠪᠢ ᠰᠤᠮᠤ ᠬᠦᠷᠲᠡᠯᠡᠬᠢ ᠶᠢᠰᠦᠨ ᠲᠤᠯᠭᠠᠭᠤᠷᠢ ᠤᠨᠠᠭᠰᠠᠨ᠂ ᠨᠠᠢᠮᠠ ᠶᠢ ᠨᠢ ᠰᠥᠨᠢ ᠳᠦ ᠪᠡᠨ ᠪᠣᠰᠬᠠᠭᠰᠠᠨ᠃ ᠢᠩᠭᠢᠭᠰᠡᠨ ᠢᠶᠡᠷ ᠪᠠᠶᠠᠨ- ᠥᠯᠥᠭᠡᠢ᠂ ᠬᠣᠪᠳᠣ ᠠᠶᠢᠮᠠᠭ ᠤᠳ ᠢ ᠬᠥᠯᠳᠡᠬᠦ ᠠᠶᠤᠯ ᠠᠴᠠ ᠰᠡᠷᠭᠡᠶᠢᠯᠡᠭᠰᠡᠨ᠃ ᠤᠪᠰᠤ ᠬᠥᠯᠳᠡᠬᠦ ᠠᠶᠤᠯᠲᠠᠢ ᠪᠠᠶᠢᠭᠰᠠᠨ ᠢ ᠳ᠋ᠢᠽᠧᠯ ᠰᠲ᠋ᠠᠨᠼ ᠪᠣᠯᠤᠨ ᠬᠠᠭᠤᠴᠢᠨ ᠰᠲ᠋ᠠᠨᠼ ᠢ ᠠᠵᠢᠯᠯᠠᠭᠤᠯᠤᠭᠰᠠᠨ ᠢᠶᠠᠷ ᠰᠡᠷᠭᠡᠶᠢᠯᠡᠵᠦ ᠴᠢᠳᠠᠯ᠎ᠠ ᠭᠡᠯᠡ᠃
ᠡᠷᠡᠭᠦᠯ ᠮᠡᠨᠳᠦ ᠶᠢᠨ ᠰᠠᠶᠢᠳ ᠳ∙ᠰᠠᠷᠠᠨᠭᠡᠷᠡᠯ᠄ 331 ᠰᠤᠮᠤ ᠠᠴᠠ 52 ᠰᠤᠮᠤᠨ ᠳᠤ ᠴᠠᠭ ᠠᠭᠠᠷ ᠤᠨ ᠠᠶᠤᠯᠲᠠᠢ ᠦᠵᠡᠭᠳᠡᠯ ᠪᠣᠯᠤᠭᠰᠠᠨ᠃ 52 ᠰᠤᠮᠤᠨ ᠳᠤ ᠡᠷᠡᠭᠦᠯ ᠮᠡᠨᠳᠦ ᠶᠢᠨ ᠪᠠᠶᠢᠭᠤᠯᠤᠯᠭ᠎ᠠ ᠶᠢᠨ ᠦᠢᠯᠡ ᠠᠵᠢᠯᠯᠠᠭ᠎ᠠ ᠬᠡᠪ ᠦᠨ᠃ ᠪᠠᠶᠠᠨ-ᠥᠯᠥᠭᠡᠢ ᠳᠦ ᠬᠣᠶᠠᠷ ᠬᠦᠮᠦᠨ ᠣᠰᠤᠭᠤᠭᠰᠠᠨ᠂ ᠨᠢᠭᠡ ᠨᠢ ᠳᠤᠮᠳᠠ ᠵᠡᠷᠭᠡ᠂ ᠨᠢᠭᠡ ᠨᠢ ᠡᠮᠨᠡᠯᠭᠡ ᠳᠦ ᠬᠡᠪᠲᠡᠨ ᠡᠮᠴᠢᠯᠡᠭᠦᠯᠵᠦ ᠪᠠᠶᠢᠨ᠎ᠠ᠃ ᠬᠣᠪᠳᠣ ᠠᠶᠢᠮᠠᠭ ᠤᠨ ᠴᠡᠴᠡᠭ ᠰᠤᠮᠤᠨ ᠳᠤ ᠪᠠᠶᠢᠰᠢᠩ ᠤᠨ ᠳᠡᠭᠡᠪᠦᠷ ᠬᠡᠶᠢᠰᠴᠦ᠂ ᠲᠡᠭᠦᠨ ᠳᠦ ᠨᠢ ᠭᠤᠷᠪᠠᠨ ᠬᠦᠮᠦᠨ ᠭᠡᠮᠲᠦᠭᠰᠡᠨ᠃ ᠨᠢᠭᠡ ᠬᠦᠮᠦᠨ ᠴᠡᠭᠡᠵᠢᠨ ᠳᠦ ᠪᠡᠨ ᠭᠡᠮᠲᠦᠯ ᠠᠪᠤᠭᠰᠠᠨ ᠤᠴᠢᠷ ᠠᠴᠠ ᠡᠮᠨᠡᠯᠭᠡ ᠳᠦ ᠬᠡᠪᠲᠡᠨ ᠡᠮᠴᠢᠯᠡᠭᠦᠯᠵᠦ ᠪᠠᠶᠢᠭ᠎ᠠ ᠭᠡᠪᠡ ᠃
ᠵᠠᠮ ᠲᠡᠭᠡᠭᠡᠪᠦᠷᠢ ᠶᠢᠨ ᠬᠥᠭᠵᠢᠯ ᠦᠨ ᠰᠠᠶᠢᠳ ᠶᠠ᠊∙ᠰᠣᠳᠪᠠᠭᠠᠲᠤᠷ᠄ ᠴᠠᠭ ᠠᠭᠠᠷ ᠤᠨ ᠠᠶᠤᠯᠲᠤ ᠦᠵᠡᠭᠳᠡᠯ ᠦᠨ ᠦᠶ᠎ᠡ ᠪᠡᠷ ᠲᠠᠪᠤᠨ ᠠᠶᠢᠮᠠᠭ ᠤᠨ ᠲᠡᠭᠡᠭᠡᠪᠦᠷᠢ ᠶᠢᠨ ᠬᠡᠷᠡᠭᠰᠡᠯ ᠦᠨ ᠬᠥᠳᠡᠯᠭᠡᠭᠡᠨ ᠢ ᠲᠦᠷ ᠬᠤᠭᠤᠴᠠᠭ᠎ᠠ ᠪᠠᠷ ᠬᠢᠵᠠᠭᠠᠷᠯᠠᠭᠰᠠᠨ᠃ ᠥᠨᠥᠳᠥᠷ ᠲᠡᠭᠡᠭᠡᠪᠦᠷᠢ ᠶᠢᠨ ᠬᠡᠷᠡᠭᠰᠡᠯ ᠦᠨ ᠬᠥᠳᠡᠯᠭᠡᠭᠡᠨ ᠬᠡᠪ ᠦᠨ ᠦᠷᠭᠦᠯᠵᠢᠯᠡᠵᠦ ᠪᠠᠶᠢᠨ᠎ᠠ ᠭᠡᠯᠡ᠃
ᠮᠥᠨ ᠴᠠᠭ ᠠᠭᠤᠷ ᠣᠷᠴᠢᠨ ᠤ ᠰᠢᠨᠵᠢᠯᠡᠭᠡᠨ ᠦ ᠭᠠᠵᠠᠷ ᠠᠴᠠ ᠮᠡᠳᠡᠭᠡᠯᠡᠯ ᠬᠢᠯ᠎ᠡ᠃ ᠢᠷᠡᠬᠦ ᠭᠤᠷᠪᠠᠨ ᠡᠳᠦᠷ ᠴᠠᠭ ᠠᠭᠠᠷ ᠭᠠᠶᠢᠭᠤᠢ᠂ ᠬᠠᠷᠢᠨ 30 ᠍ ᠠᠴᠠ ᠬᠦᠢᠲᠡᠨ ᠦ ᠡᠷᠴᠢ ᠴᠢᠩᠭᠠᠷᠠᠨ᠎ᠠ᠃ ᠣᠳᠣ ᠶᠢᠨ ᠪᠠᠶᠢᠳᠠᠯ ᠢᠶᠠᠷ ᠬᠥᠪᠰᠥᠭᠥᠯ ᠦᠨ ᠬᠠᠳᠬᠠᠯ᠂ ᠤᠯᠠᠭᠠᠨ ᠠᠭᠤᠯᠠ᠂ ᠤᠪᠰᠤ ᠶᠢᠨ ᠮᠠᠯᠴᠢᠨ᠂ ᠵᠠᠪᠬᠠᠨ ᠤ ᠤᠯᠢᠶᠠᠰᠤᠲᠠᠢ ᠳᠤ 13-15 ᠰᠠᠨᠲ᠋ᠢᠮᠧᠲ᠋ᠷ ᠵᠤᠵᠠᠭᠠᠨ ᠴᠠᠰᠤ ᠲᠣᠭᠲᠠᠭᠰᠠᠨ ᠪᠣᠯᠬᠤ ᠶᠢ ᠣᠨᠴᠠᠯᠠᠪᠠ᠃