ᠮᠣᠩᠭᠣᠯ ᠤᠯᠤᠰ ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠵᠤ᠂ ᠪᠦᠭᠦᠳᠡ ᠨᠠᠶᠢᠷᠠᠮᠳᠠᠬᠤ ᠤᠯᠤᠰ ᠢᠶᠠᠨ ᠲᠤᠩᠬᠠᠭᠯᠠᠭᠰᠠᠨ ᠡᠳᠦᠷ ᠢ ᠲᠣᠬᠢᠶᠠᠯᠳᠤᠭᠤᠯᠤᠨ ᠮᠣᠩᠭᠣᠯ ᠤᠯᠤᠰ ᠤᠨ ᠶᠡᠷᠦᠩᠬᠡᠢ ᠰᠠᠶᠢᠳ᠂ ᠮᠤᠩᠭᠤᠯ ᠠᠷᠠᠳ ᠍ ᠤᠨ ᠨᠠᠮ ᠤᠨ ᠳᠠᠷᠤᠭ᠎ᠠ ᠤ᠊∙ᠬᠦᠷᠡᠯᠰᠦ᠋ᠬᠡ ᠮᠡᠨᠳᠦᠴᠢᠯᠡᠭᠡ ᠳᠡᠪᠰᠢᠭᠦᠯᠦᠭᠰᠡᠨ ᠢ ᠪᠦᠷᠢᠨ ᠡᠬᠢ ᠪᠡᠷ ᠨᠢ ᠬᠦᠷᠭᠡᠵᠦ ᠪᠠᠶᠢᠨ᠎ᠠ᠃
ᠲᠤᠭᠤᠷᠭ᠎ᠠ ᠲᠤᠰᠠᠭᠠᠷ᠂ ᠪᠦᠷᠢᠨ ᠡᠷᠬᠡᠲᠦ ᠮᠣᠩᠭᠣᠯ ᠤᠯᠤᠰ ᠤᠨ᠂ ᠡᠷᠬᠡ ᠴᠢᠯᠦᠭᠡᠲᠦ ᠢᠷᠭᠡᠳ᠂ ᠡᠯᠢᠭᠡ ᠨᠢᠭᠡᠲᠦ ᠠᠬᠠᠨ ᠳᠡᠭᠦᠦᠰ ᠡ᠃ ᠲᠠ ᠪᠦᠬᠦᠨ ᠳᠦ ᠪᠡᠨ ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠵᠤ᠂ ᠬᠦᠮᠦᠨ ᠲᠥᠷᠥᠯᠬᠢᠲᠡᠨ ᠦ ᠰᠣᠨᠣᠷ ᠲᠤ ᠡᠷᠬᠡ ᠵᠦᠢᠲᠤ ᠲᠦᠷᠦᠲᠦ ᠶᠣᠰᠣᠨ ᠤ ᠲᠤᠰᠠᠭᠠᠷ ᠮᠣᠩᠭᠣᠯ ᠤᠯᠤᠰ ᠢᠶᠠᠨ ᠲᠤᠩᠬᠠᠭᠯᠠᠨ ᠵᠠᠷᠯᠠᠭᠰᠠᠨ ᠲᠡᠦᠬᠡᠲᠦ ᠡᠳᠦᠷ ᠦᠨ ᠮᠡᠨᠳᠦ ᠶᠢ ᠴᠢᠩ ᠰᠡᠳᠬᠢᠯ ᠡᠴᠡ ᠪᠡᠨ ᠡᠷᠭᠦᠨ ᠳᠡᠪᠰᠢᠭᠦᠯᠦᠶ᠎ᠡ᠃
ᠣᠳᠣ ᠠᠴᠠ 94 ᠵᠢᠯ ᠦᠨ ᠲᠡᠷᠲᠡᠭᠡ ᠭᠠᠳᠠᠭᠠᠳᠤ ᠳᠣᠲᠣᠭᠠᠳᠤ ᠶᠢᠨ ᠳᠠᠷᠤᠯᠠᠯ᠂ ᠬᠠᠭᠠᠨᠲᠤ ᠵᠠᠰᠠᠭᠯᠠᠯ᠂ ᠬᠠᠮᠵᠢᠯᠭᠠᠲᠤ ᠶᠣᠰᠣᠨ ᠠᠴᠠ ᠰᠠᠯᠤᠭᠰᠠᠨ ᠮᠣᠩᠭᠣᠯᠴᠤᠳ ᠤᠨ᠂ ᠴᠢᠩ ᠵᠣᠷᠢᠭᠲᠤ᠂ ᠬᠣᠯᠠᠴᠢ ᠮᠡᠷᠭᠡᠨ ᠡᠪᠦᠭᠡ ᠳᠡᠭᠡᠳᠦᠰ ᠦᠨ ᠲᠤᠩᠬᠠᠭᠯᠠᠨ ᠵᠠᠷᠯᠠᠭᠰᠠᠨ ᠲᠤᠰᠠᠭᠠᠷ ᠲᠣᠭᠲᠠᠨᠢᠯ ᠢ ︽ᠤᠰᠤᠨ ᠳᠡᠭᠡᠷ᠎ᠡ ᠠᠰᠠᠭᠰᠠᠨ ᠭᠠᠯ︾ ᠪᠤᠶᠤ ᠪᠠᠶᠢᠵᠤ ᠪᠣᠯᠤᠮ᠎ᠠ ᠦᠭᠡᠢ ᠦᠵᠡᠭᠳᠡᠯ ᠬᠡᠮᠡᠨ ᠳᠡᠯᠡᠬᠡᠢ ᠶᠢᠨ ᠣᠷᠣᠨ ᠨᠤᠭᠤᠳ ᠭᠠᠶᠢᠬᠠᠨ ᠳ᠋ᠦᠩᠨᠡᠭᠰᠡᠨ ᠪᠠᠶᠢᠳᠠᠭ᠃ ᠲᠡᠷᠲᠡᠭᠡᠬᠢ 1924 ᠣᠨ ᠤ ᠰᠢᠨ᠎ᠡ ᠦᠨᠳᠦᠰᠦᠨ ᠬᠠᠤᠯᠢ ᠪᠠᠷ ᠢᠶᠠᠨ ᠲᠤᠩᠬᠠᠭᠯᠠᠭᠰᠠᠨ ᠮᠣᠩᠭᠣᠯᠴᠤᠳ ᠪᠢᠳᠡᠨ ᠦ ᠲᠤᠰᠠᠭᠠᠷ ᠲᠣᠭᠲᠠᠨᠢᠯ ᠢ ᠦᠶ᠎ᠡ ᠦᠶ᠎ᠡ ᠶᠢᠨ ᠡᠬᠡ ᠣᠷᠣᠨᠴᠢᠳ ᠤᠨ ᠣᠯᠠᠨ ᠤᠳᠠᠭ᠎ᠠ ᠶᠢᠨ ᠴᠥᠬᠥᠷᠡᠰᠢ ᠦᠭᠡᠢ ᠣᠷᠣᠯᠳᠤᠯᠭ᠎ᠠ᠂ ᠬᠢᠴᠢᠶᠡᠩᠭᠦᠢ ᠵᠢᠳᠬᠦᠯ ᠢᠶᠡᠷ 37 ᠵᠢᠯ ᠦᠨ ᠳᠠᠷᠠᠭ᠎ᠠ ᠪᠤᠶᠤ 1961 ᠣᠨ ᠳᠤ ᠬᠦᠮᠦᠨ ᠲᠥᠷᠥᠯᠬᠢᠲᠡᠨ ᠳᠠᠭᠤ ᠨᠢᠭᠡᠲᠡᠢ ᠬᠦᠯᠢᠶᠡᠨ ᠵᠥᠪᠰᠢᠶᠡᠷᠡᠭᠰᠡᠨ ᠲᠡᠦᠬᠡ ᠲᠡᠢ᠃ ᠤᠯᠤᠰ ᠭᠡᠷ ᠢᠶᠡᠨ ᠲᠤᠩᠬᠠᠭᠯᠠᠭᠰᠠᠨ ᠡᠨᠡ ᠡᠳᠦᠷ ᠪᠣᠯ ᠡᠬᠡ ᠣᠷᠣᠨᠴᠢ ᠡᠪᠦᠭᠡ ᠳᠡᠭᠡᠳᠦᠰ ᠦᠨ ᠬᠠᠲᠠᠨ ᠵᠣᠷᠢᠭ᠂ ᠣᠯᠠᠨ ᠴᠡᠷᠢᠭ ᠡᠷᠡᠰ ᠦᠨ ᠬᠠᠯᠠᠭᠤᠨ ᠠᠮᠢ᠂ ᠮᠣᠩᠭᠣᠯᠴᠤᠳ ᠪᠢᠳᠡᠨ ᠢ ᠰᠣᠷᠢᠭᠰᠠᠨ ᠴᠠᠳᠢᠭ ᠲᠡᠦᠬᠡ ᠶᠢᠨ ᠡᠮᠦᠨ᠎ᠡ ᠪᠦᠲᠦᠨ ᠦᠯᠡᠳᠡᠭᠰᠡᠨ ᠤᠯᠤᠰ ᠦᠨᠳᠦᠰᠦᠨ ᠦ ᠳᠠᠷᠬᠠᠠᠯᠠᠭᠠᠨ ᠤ ᠲᠡᠦᠬᠡᠲᠦ ᠡᠳᠦᠷ ᠪᠢᠯᠡ᠃
ᠡᠷᠬᠡ ᠵᠦᠢᠲᠤ ᠲᠥᠷᠥ ᠶᠢᠨ ᠥᠯᠥᠭᠡᠢ ᠪᠣᠯᠤᠭᠰᠠᠨ ᠮᠣᠩᠭᠣᠯ ᠤᠯᠤᠰ ᠤᠨ ᠢᠷᠭᠡᠳ ᠡ᠃ ᠴᠡᠪᠡᠷ ᠲᠤᠩᠭᠠᠯᠠᠭ᠂ ᠴᠡᠭᠴᠡ ᠰᠢᠳᠤᠷᠭᠤ ᠮᠣᠩᠭᠣᠯ ᠲᠥᠷᠥ ᠶᠢ ᠲᠥᠯᠦᠪᠰᠢᠭᠦᠯᠬᠦ ᠦᠢᠯᠡᠰ ᠲᠦ ᠡᠪ ᠨᠢᠭᠡᠳᠦᠯ ᠢ ᠡᠷᠬᠢᠮᠯᠡᠨ ᠳᠡᠭᠡᠳᠦᠯᠡᠵᠦ᠂ ᠤᠯᠤᠰ ᠭᠡᠷ ᠦᠨ ᠢᠶᠡᠨ ᠬᠥᠭᠵᠢᠯ ᠳᠡᠪᠰᠢᠯ ᠢᠷᠡᠭᠡᠳᠦᠢ ᠶᠢᠨ ᠲᠥᠯᠥᠭᠡ ᠢᠲᠡᠭᠡᠯ ᠲᠡᠭᠦᠰ ᠬᠠᠮᠲᠤ ᠳᠤ ᠪᠠᠨ ᠬᠢᠴᠢᠶᠡᠨ ᠵᠢᠳᠬᠦᠴᠡᠭᠡᠶ᠎ᠡ᠃ ᠪᠤᠭᠤᠷᠤᠯ ᠳᠡᠭᠡᠳᠦᠰ ᠦᠨ ᠴᠣᠭ ᠬᠡᠶᠢᠮᠣᠷᠢ ᠲᠦᠰᠢᠵᠦ ᠪᠤᠷᠬᠠᠨ ᠬᠠᠯᠳᠤᠨ ᠠᠭᠤᠯᠠ ᠶᠢᠨ ᠨᠣᠶᠠᠨ ᠣᠷᠭᠢᠯ ᠮᠣᠩᠭᠣᠯᠴᠤᠳ ᠪᠢᠳᠡᠨ ᠢ ᠥᠨᠢᠳᠡ ᠢᠪᠡᠭᠡᠬᠦ ᠪᠣᠯᠲᠤᠭᠠᠢ᠃