Book Share ᠨᠣᠮ ᠤᠨ ᠰᠠᠩ ᠪᠠᠶᠢᠭᠤᠯᠵᠤ ᠪᠠᠶᠢᠨ᠎ᠠ | News.MN

Book Share ᠨᠣᠮ ᠤᠨ ᠰᠠᠩ ᠪᠠᠶᠢᠭᠤᠯᠵᠤ ᠪᠠᠶᠢᠨ᠎ᠠ

ᠡᠮᠦᠨᠡᠭᠣᠪᠢ ᠠᠶᠢᠮᠠᠭ ᠤᠨ ᠲᠥᠪ ᠳᠠᠯᠠᠨᠵᠠᠳᠠᠭᠠᠶᠢᠲᠤ ᠰᠤᠮᠤ ᠶᠢᠨ 6 ᠳᠦᠭᠡᠷ ᠪᠠᠭ ᠤᠨ ᠬᠢᠨ Book Share ᠨᠣᠮ ᠤᠨ ᠰᠠᠩ ᠪᠠᠶᠢᠭᠤᠯᠵᠤ ᠪᠠᠶᠢᠨ᠎ᠠ᠃ ᠪᠠᠭ ᠤᠨ ᠳᠠᠷᠤᠭ᠎ᠠ ᠼ∙ᠳ᠋ᠸᠨᠧᠳᠤᠷᠵᠢ ᠰᠠᠨᠠᠭᠠᠴᠢᠯᠠᠨ ᠰᠠᠶ᠋ᠢᠬᠠᠨ ᠠᠰᠢᠭᠯᠠᠯᠲᠠ ᠳᠤ ᠣᠷᠣᠭᠰᠠᠨ ᠪᠠᠭ ᠤᠨ ᠲᠥᠪ ᠦᠨ ᠰᠢᠨ᠎ᠡ ᠪᠠᠶᠢᠷᠢᠨ ᠳᠤ ᠪᠠᠨ ᠳᠡᠭᠡᠷᠡᠬᠢ ᠨᠣᠮ ᠤᠨ ᠰᠠᠩ ᠢ ᠪᠠᠶᠢᠭᠤᠯᠵᠤ ᠪᠠᠶᠢᠭ᠎ᠠ ᠠᠵᠠᠢ ᠃ ᠲᠤᠬᠠᠢ ᠶᠢᠨ ᠨᠣᠮ ᠤᠨ ᠰᠠᠩ ᠢᠶᠠᠷ ᠦᠢᠯᠡᠴᠢᠯᠡᠭᠦᠯᠦᠭᠴᠢᠳ ᠤᠩᠰᠢᠭᠰᠠᠨ ᠨᠣᠮ ᠤᠨ ᠢᠶᠠᠨ ᠲᠠᠯ᠎ᠠ ᠪᠠᠷ ᠯᠠᠶᠢᠪ ᠬᠢᠬᠦ᠂ ᠰᠡᠳᠬᠢᠭᠳᠡᠯ ᠢᠶᠡᠨ ᠪᠢᠴᠢᠬᠦ ᠵᠡᠷᠭᠡ ᠪᠡᠷ ᠪᠤᠰᠤᠳ ᠲᠠᠢ ᠬᠤᠪᠢᠶᠠᠯᠴᠠᠳᠠᠭ  ᠪᠤᠯᠬᠤ ᠶᠤᠮ᠃
ᠳᠠᠯᠠᠨᠵᠠᠳᠠᠭᠠᠶᠢᠲᠤ ᠰᠤᠮᠤᠨ ᠳᠤ ᠡᠨᠡ ᠵᠢᠯ  ᠶᠡᠬᠡ ᠪᠦᠲᠦᠭᠡᠨ ᠪᠠᠶᠢᠭᠤᠯᠤᠯᠲᠠ ᠥᠷᠨᠢᠵᠦ ᠪᠠᠶᠢᠭ᠎ᠠ ᠪᠥᠭᠡᠳ ᠰᠢᠨ᠎ᠡ ᠪᠡᠷ ᠭᠤᠷᠪᠠᠨ ᠪᠠᠭ ᠤᠨ ᠲᠥᠪ ᠢ ᠡᠷᠡᠭᠦᠯ ᠮᠡᠨᠳᠦ ᠶᠢᠨ ᠲᠥᠪ ᠲᠡᠢ ᠨᠢ ᠬᠠᠮᠲᠤ ᠪᠠᠶᠢᠭᠤᠯᠤᠨ ᠠᠰᠢᠭᠯᠠᠯᠲᠠ ᠳᠤ ᠣᠷᠣᠭᠤᠯᠵᠠᠢ᠃ ᠬᠠᠮᠤᠭ ᠤᠨ ᠰᠡᠭᠦᠯ ᠳᠦ ᠪᠤᠶᠤ ᠡᠨᠡ ᠰᠠᠷ᠎ᠠ ᠶᠢᠨ ᠰᠡᠭᠦᠯ ᠢᠶᠡᠷ ᠶᠡᠬᠡ-ᠠᠭᠤᠯᠠ ᠶᠢᠨ 6  ᠳᠦᠭᠡᠷ ᠪᠠᠭ ᠤᠨ ᠲᠥᠪ ᠢ ᠠᠰᠢᠭᠯᠠᠯᠲᠠ ᠳᠤ ᠣᠷᠣᠭᠤᠯᠤᠭᠰᠠᠨ ᠶᠤᠮ᠃ ᠣᠷᠣᠨ ᠨᠤᠲᠤᠭ ᠤᠨ ᠲᠥᠰᠥᠪ ᠦᠨ 700 ᠰᠠᠶ᠎ᠠ ᠣᠷᠴᠢᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ︽ᠣᠷᠣᠰᠢᠳᠠᠰᠤ︾ ᠺᠤᠮᠫᠠᠨᠢ ᠪᠣᠯᠤᠨ ︽ᠭᠣᠪᠢ ᠶᠢᠨ ᠬᠠᠷᠰᠢ︾ ᠺᠤᠮᠫᠠᠨᠢ ᠪᠠᠭ ᠤᠨ ᠲᠥᠪ ᠦᠨ ᠪᠠᠷᠢᠯᠭ᠎ᠠ ᠶᠢ ᠪᠠᠷᠢᠵᠠᠢ᠃ ᠲᠤᠰ ᠪᠠᠭ ᠤᠨ ᠲᠥᠪ ᠲᠦ ᠡᠮᠡᠭᠲᠡᠶᠢᠴᠦᠳ᠂ ᠠᠬᠠᠮᠠᠳ᠂ ᠵᠠᠯᠠᠭᠤᠴᠤᠳ ᠤᠨ ᠵᠡᠷᠭᠡ 7 ᠵᠥᠪᠯᠡᠯ ᠠᠵᠢᠯᠯᠠᠬᠤ ᠶᠤᠮ ᠪᠠᠶᠢᠨ᠎ᠠ᠃ ᠤᠭ ᠪᠠᠭ ᠨᠢ 4400 ᠭᠠᠷᠤᠢ ᠢᠷᠭᠡᠨ ᠲᠡᠢ ᠪᠥᠭᠡᠳ ᠳᠠᠯᠠᠨᠵᠠᠳᠠᠭᠠᠶᠢᠲᠤ ᠰᠤᠮᠤ ᠶᠢᠨ ᠰᠢᠨ᠎ᠡ ᠰᠠᠭᠤᠷᠢᠰᠢᠯ ᠤᠨ ᠪᠥᠰᠡ ᠳᠦ ᠪᠠᠶᠢᠳᠠᠭ ᠢᠶᠡᠷ ᠢᠶᠡᠨ ᠣᠨᠴᠠᠯᠢᠭ ᠶᠤᠮ᠃

ᠰᠡᠳᠬᠢᠭᠳᠡᠯ ᠦᠯᠡᠳᠡᠭᠡᠬᠦ