ᠪᠠᠶᠠᠨᠬᠣᠩᠭᠣᠷ ᠠᠶᠢᠮᠠᠭ ᠠᠴᠠ ᠪᠠᠶᠢᠳᠠᠷᠠᠭ ᠤᠨ ᠭᠦᠭᠦᠷᠭᠡ ᠴᠢᠭᠯᠡᠯ ᠦᠨ 129.4 ᠺᠢᠯᠣᠮᠧᠲ᠋ᠷ ᠠᠦ᠋ᠲ᠋ᠣ᠋ ᠵᠠᠮ ᠤᠨ 103.5 ᠺᠢᠯᠣᠮᠧᠲ᠋ᠷ ᠦᠨ ᠬᠡᠰᠡᠭᠴᠢᠯᠡᠭᠰᠡᠨ ᠨᠡᠭᠡᠭᠡᠯᠲᠡ ᠡᠨᠡ ᠰᠠᠷ᠎ᠠ ᠶᠢᠨ 23 ᠍ ᠳᠦ ᠪᠣᠯᠤᠯ᠎ᠠ᠃ ᠮᠣᠩᠭᠣᠯ ᠤᠯᠤᠰ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠬᠡᠯᠡᠯᠴᠡᠭᠡᠷ ᠦᠨ ᠳᠠᠭᠠᠤ ᠬᠢᠭᠳᠡᠵᠦ ᠪᠤᠢ ᠲᠤᠰ ᠠᠦ᠋ᠲ᠋ᠣ᠋ ᠵᠠᠮ ᠤᠨ ᠠᠵᠢᠯ ᠢ ︽ᠱᠠᠩᠬᠠᠢ ᠺᠤᠨᠰᠲᠷᠠᠺᠱᠢᠨ︾ ᠭᠷᠦ᠋ᠫ 50 ᠰᠠᠶ᠎ᠠ ᠳ᠋ᠣᠯᠯᠠᠷ ᠤᠨ ᠥᠷᠲᠡᠭ ᠢᠶᠡᠷ ᠪᠠᠶᠠᠨᠬᠣᠩᠭᠣᠷ ᠠᠶᠢᠮᠠᠭ ᠲᠤ ᠲᠠᠯᠪᠢᠵᠤ ᠭᠦᠢᠴᠡᠳᠭᠡᠵᠦ ᠪᠠᠶᠢᠭ᠎ᠠ ᠶᠤᠮ᠃ ᠦᠯᠡᠳᠡᠭᠰᠡᠨ 24 ᠺᠢᠯᠣᠮᠧᠲ᠋ᠷ ᠵᠠᠮ ᠢ ᠢᠷᠡᠬᠦ ᠵᠢᠯ ᠦᠨ ᠵᠤᠨ ᠪᠦᠷᠢᠨ ᠳᠠᠭᠤᠰᠬᠠᠵᠤ ᠠᠰᠢᠭᠯᠠᠯᠲᠠ ᠳᠤ ᠤᠷᠤᠭᠤᠯᠬᠤ ᠶᠤᠮ ᠃
ᠲᠤᠰ ᠵᠠᠮ ᠤᠨ ᠬᠥᠳᠡᠯᠭᠡᠭᠡᠨ ᠦ ᠬᠡᠰᠡᠭᠴᠢᠯᠡᠭᠰᠡᠨ ᠨᠡᠭᠡᠭᠡᠯᠲᠡ ᠶᠢᠨ ᠠᠷᠭ᠎ᠠ ᠬᠡᠮᠵᠢᠶᠡᠨ ᠳᠦ ᠪᠠᠶᠠᠨᠬᠣᠩᠭᠣᠷ ᠠᠶᠢᠮᠠᠭ ᠤᠨ ᠤᠳᠤᠷᠢᠳᠤᠯᠭ᠎ᠠ ᠨᠤᠭᠤᠳ᠂ ᠠᠷᠠᠳ ᠢᠷᠭᠡᠳ ᠪᠣᠯᠤᠨ ︽ᠱᠠᠩᠬᠠᠢ ᠺᠤᠨᠰᠲᠷᠠᠺᠱᠢᠨ︾ ᠺᠣᠮᠫᠠᠨᠢ ᠶᠢᠨ ᠤᠳᠤᠷᠢᠳᠤᠯᠭ᠎ᠠ ᠨᠤᠭᠤᠳ ᠣᠷᠣᠯᠴᠠᠯ᠎ᠠ᠃ ᠮᠥᠨ ᠦᠶ᠎ᠡ ᠪᠡᠷ ᠲᠤᠰ ᠺᠣᠮᠫᠠᠨᠢ ᠶᠢᠨ ᠬᠢᠨ ᠨᠡᠶᠢᠭᠡᠮ ᠤᠨ ᠬᠠᠷᠢᠭᠤᠴᠠᠯᠭ᠎ᠠ ᠶᠢᠨ ᠢᠶᠠᠨ ᠬᠦᠷᠢᠶᠡᠨ ᠳᠦ ᠠᠮᠢᠵᠢᠷᠭᠠᠨ ᠤ ᠪᠠᠲᠤᠯᠠᠭᠠᠵᠢᠬᠤ ᠲᠦᠪᠰᠢᠨ ᠡᠴᠡ ᠳᠤᠭᠤᠤᠷ ᠣᠷᠣᠯᠭ᠎ᠠ ᠲᠠᠢ᠂ ᠣᠷᠣᠨ ᠭᠡᠷ ᠦᠭᠡᠢ ᠡᠷᠦᠬᠡ ᠨᠦᠭᠦᠳ ᠲᠦ ᠥᠷᠭᠥᠭᠡ ᠭᠡᠷ ᠪᠣᠯᠤᠨ ᠬᠦᠨᠡᠰᠦᠨ ᠦ ᠪᠦᠲᠦᠭᠡᠭᠳᠡᠬᠦᠨ ᠬᠦᠷᠭᠡᠭᠦᠯᠵᠦ ᠪᠤᠢ ᠪᠠᠨ ᠭᠠᠷᠳᠠᠭᠤᠯᠤᠨ ᠥᠭᠭᠦᠭᠰᠡᠨ ᠪᠠᠶᠢᠨ᠎ᠠ᠃ ᠰᠣᠨᠢᠷᠬᠠᠭᠤᠯᠬᠤ ᠳᠤ᠂ ︽ᠱᠠᠩᠬᠠᠢ ᠺᠤᠨᠰᠲᠷᠠᠺᠱᠢᠨ︾ ᠮᠣᠩᠭᠣᠯ ᠤᠯᠤᠰ ᠲᠠᠢ 10 ᠵᠢᠯ ᠦᠨ ᠬᠤᠭᠤᠴᠠᠭᠠᠨ ᠳᠤ ᠬᠠᠮᠲᠤᠷᠠᠨ ᠠᠵᠢᠯᠯᠠᠵᠤ ᠪᠤᠢ ᠪᠥᠭᠡᠳ 《ᠪᠤᠶᠠᠨᠲᠤ ᠬᠤᠸᠠ》 ᠴᠣᠭᠴᠠᠯᠠᠪᠤᠷᠢ᠂ ᠬᠣᠪᠳᠣ ᠶᠢᠨ ᠳ᠋ᠦᠷᠭᠡᠨ ᠦ ᠤᠰᠤᠨ ᠴᠠᠬᠢᠯᠭᠠᠨ ᠰᠲ᠋ᠠᠨᠼ ᠵᠡᠷᠭᠡ ᠶᠢ ᠪᠠᠷᠢᠵᠤ ᠪᠠᠶᠢᠭᠤᠯᠵᠠᠢ᠃