ᠡᠨᠡ ᠵᠢᠯ ᠪᠠᠷᠠᠭᠤᠨ ᠠᠶᠢᠮᠠᠭ ᠤᠳ ᠲᠤ ᠢᠯᠡᠭᠦᠦ ᠬᠦᠢᠲᠡᠷᠡᠬᠦ ᠲᠥᠯᠥᠪᠲᠡᠢ ᠪᠠᠶᠢᠭ᠎ᠠ ᠠᠵᠠᠢ ᠃ ᠤᠰᠤ ᠴᠠᠭ ᠠᠭᠤᠷ ᠣᠷᠴᠢᠨ ᠤ ᠰᠤᠳᠤᠯᠭ᠎ᠠ᠂ ᠮᠡᠳᠡᠭᠡᠯᠡᠯ ᠦᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯᠲᠠᠨ ᠡ᠊∙ᠮᠥᠩᠬᠡᠵᠢᠷᠭᠠᠯ 《ᠰᠢᠪᠢᠷᠢ ᠶᠢᠨ ᠬᠦᠢᠲᠡᠨ ᠠᠭᠠᠷ ᠤᠨ ᠮᠠᠰ ᠮᠣᠩᠭᠣᠯ ᠤᠷᠤᠭᠤ ᠴᠥᠮᠥᠷᠡᠨ ᠣᠷᠣᠵᠤ ᠢᠷᠡᠵᠦ ᠪᠠᠶᠢᠨ᠎ᠠ᠃ ᠮᠥᠨ ᠮᠣᠩᠭᠣᠯ ᠣᠷᠣᠨ ᠤ ᠡᠪᠦᠯ ᠦᠨ ᠠᠭᠠᠷ ᠤᠨ ᠳᠠᠷᠤᠯᠲᠠ ᠶᠢ ᠰᠢᠪᠢᠷᠢ ᠶᠢᠨ ᠶᠡᠬᠡ ᠳᠠᠷᠤᠯᠲᠠ ᠶᠢᠨ ᠣᠷᠣᠨ ᠲᠣᠳᠣᠷᠬᠠᠶᠢᠯᠠᠳᠠᠭ᠃ ᠰᠢᠪᠢᠷᠢ ᠶᠢᠨ ᠬᠦᠢᠲᠡᠨ ᠠᠭᠠᠷ ᠨᠢ 1990 ᠍ ᠊ᠭᠡᠳ ᠣᠨ ᠠᠴᠠ ᠬᠣᠶᠢᠰᠢ ᠡᠷᠴᠢᠮᠵᠢᠭᠰᠡᠨ᠃ ᠳᠡᠯᠡᠬᠡᠢ ᠶᠢᠨ ᠳᠤᠯᠠᠭᠠᠷᠠᠯ ᠤᠨ ᠤᠯᠠᠮ ᠠᠴᠠ ᠬᠤᠶᠢᠳᠤ ᠬᠠᠭᠠᠰ ᠲᠤ ᠪᠠᠶᠢᠭ᠎ᠠ ᠴᠠᠰᠤᠨ ᠤ ᠬᠡᠮᠵᠢᠶ᠎ᠡ ᠪᠠᠭᠠᠰᠴᠦ᠂ ᠴᠢᠭᠢᠭᠯᠢᠭ ᠳᠤᠯᠠᠭᠠᠨ ᠠᠭᠠᠷ ᠳᠡᠭᠡᠭᠰᠢ ᠬᠦᠭᠡᠷᠴᠦ ᠭᠠᠷᠳᠠᠭ᠃ ᠠᠭᠤᠷ ᠠᠮᠢᠰᠬᠤᠯ ᠤᠨ ᠳᠤᠯᠠᠭᠠᠷᠠᠯ᠂ ᠠᠭᠠᠷ ᠲᠤ ᠤᠰᠤᠨ ᠠᠭᠤᠷ ᠡᠭᠦᠰᠬᠡᠭᠡᠳ᠂ ᠡᠪᠦᠯ ᠳᠦ ᠪᠡᠨ ᠴᠠᠰᠤᠨ ᠪᠦᠷᠬᠦᠭᠦᠯ ᠨᠡᠮᠡᠭᠳᠡᠬᠦ ᠪᠣᠯᠤᠭᠰᠠᠨ ᠭᠡᠳᠡᠭ ᠢ ᠣᠨᠴᠠᠯᠠᠪᠠ᠃
ᠮᠣᠩᠭᠣᠯ ᠳᠤ ᠰᠡᠭᠦᠯ ᠦᠨ 18 ᠵᠢᠯ ᠬᠦᠢᠲᠡᠷᠡᠯ ᠦᠨ ᠳᠠᠪᠲᠠᠮᠵᠢ ᠨᠡᠮᠡᠭᠳᠡᠭᠰᠡᠨ᠃ ᠰᠤᠳᠤᠯᠭ᠎ᠠ ᠪᠠᠷ 2000 ᠣᠨ ᠠᠴᠠ ᠡᠮᠦᠨ᠎ᠡ ᠵᠢᠯ ᠳᠦ ᠡᠷᠡᠰ ᠬᠦᠢᠲᠡᠷᠡᠯᠲᠡ 2-3 ᠤᠳᠠᠭ᠎ᠠ ᠲᠣᠬᠢᠶᠠᠯᠳᠤᠳᠠᠭ ᠪᠠᠶᠢᠭᠰᠠᠨ ᠪᠣᠯ ᠡᠭᠦᠨ ᠡᠴᠡ ᠬᠣᠶᠢᠰᠢ 4 ᠍ ᠡᠴᠡ ᠳᠡᠭᠡᠭᠰᠢ ᠤᠳᠠᠭ᠎ᠠ ᠪᠣᠯᠵᠤ ᠨᠡᠮᠡᠭᠳᠡᠭᠰᠡᠨ᠃ ᠡᠷᠡᠰ ᠬᠦᠢᠲᠡᠷᠡᠯ ᠭᠡᠳᠡᠭ ᠨᠢ -30 ᠬᠡᠮ ᠡᠴᠡ ᠳᠡᠭᠡᠭᠰᠢ ᠬᠦᠢᠲᠡᠷᠡᠬᠦ ᠶᠢ ᠬᠡᠯᠡᠳᠡᠭ᠃ ᠲᠣᠪᠴᠢᠬᠠᠨ ᠳᠤ ᠪᠠᠨ ᠮᠣᠩᠭᠣᠯ ᠤᠨ ᠨᠡᠶᠢᠲᠡ ᠨᠤᠲᠤᠭ ᠢᠶᠠᠷ 4 ᠤᠳᠠᠭ᠎ᠠ -30 ᠬᠡᠮ ᠡᠴᠡ ᠳᠡᠭᠡᠭᠰᠢ ᠬᠦᠷᠴᠦ ᠡᠷᠡᠰ ᠬᠦᠢᠲᠡᠷᠡᠭᠰᠡᠨ ᠪᠠᠶᠢᠳᠠᠭ᠃ ᠡᠨᠡ ᠵᠢᠯ ᠮᠣᠩᠭᠣᠯ ᠣᠷᠣᠨ ᠤ ᠨᠡᠶᠢᠲᠡ ᠨᠤᠲᠤᠭ ᠤᠨ 20 ᠭᠠᠷᠤᠢ ᠬᠤᠪᠢ ᠳᠤ ᠵᠤᠳ ᠪᠣᠯᠬᠤ ᠡᠷᠡᠰᠳᠡᠯ ᠥᠨᠳᠥᠷ ᠪᠠᠶᠢᠨ᠎ᠠ ᠭᠡᠰᠡᠨ ᠲᠣᠭᠠᠴᠠᠭ᠎ᠠ ᠭᠠᠷᠤᠭᠰᠠᠨ᠃ ᠤᠰᠤ ᠴᠠᠭ ᠠᠭᠤᠷ ᠤᠨ ᠬᠦᠷᠢᠶᠡᠯᠡᠩ ᠡᠴᠡ ᠭᠠᠷᠭᠠᠭᠰᠠᠨ ᠤᠷᠢᠳᠴᠢᠯᠠᠭᠰᠠᠨ ᠲᠥᠯᠥᠪ ᠢᠶᠡᠷ ᠬᠣᠪᠳᠣ᠂ ᠤᠪᠰᠤ ᠶᠢᠨ ᠶᠡᠬᠡᠩᠬᠢ ᠨᠤᠲᠤᠭ᠂ ᠪᠠᠶᠠᠨ-ᠥᠯᠥᠭᠡᠢ ᠶᠢᠨ ᠠᠶᠢᠮᠠᠭ ᠤᠨ ᠵᠠᠷᠢᠮ ᠰᠤᠮᠤ᠂ ᠥᠪᠦᠷᠬᠠᠩᠭᠠᠢ᠂ ᠪᠠᠶᠠᠨᠬᠣᠩᠭᠣᠷ ᠠᠶᠢᠮᠠᠭ ᠤᠨ ᠬᠣᠶᠢᠳ ᠬᠡᠰᠡᠭ ᠢᠶᠡᠷ ᠵᠤᠳ ᠪᠣᠯᠬᠤ ᠡᠷᠡᠰᠳᠡᠯ ᠥᠨᠳᠥᠷ ᠪᠠᠶᠢᠨ᠎ᠠ ᠭᠡᠵᠡᠢ᠃