《ᠲᠡᠦᠬᠡᠨ ᠳᠤᠷᠠᠰᠤᠮᠵᠢ ᠨᠤᠭᠤᠳ》 ᠨᠤᠮ ᠬᠡᠪᠯᠡᠭᠦᠯᠦᠯ᠎ᠡ | News.MN

《ᠲᠡᠦᠬᠡᠨ ᠳᠤᠷᠠᠰᠤᠮᠵᠢ ᠨᠤᠭᠤᠳ》 ᠨᠤᠮ ᠬᠡᠪᠯᠡᠭᠦᠯᠦᠯ᠎ᠡ

ᠠᠬᠠᠮᠠᠳ ᠰᠡᠳᠬᠦᠯᠴᠢ᠂ ᠵᠢᠷᠤᠭᠠᠴᠢ᠂ ᠠᠷᠠᠳ ᠲᠦᠮᠡᠨ ᠦ ᠭᠠᠪᠢᠶᠠᠲᠤ  ᠯᠤᠪᠰᠠᠩᠷᠡᠭᠵᠢᠨ ᠤ  ᠰᠠᠩᠳᠤᠢ 《ᠲᠡᠦᠬᠡᠨ ᠳᠤᠷᠠᠰᠤᠮᠵᠢ ᠨᠤᠭᠤᠳ》 ᠭᠡᠷᠡᠯ ᠵᠢᠷᠤᠭ ᠤᠨ ᠴᠣᠮᠣᠭ ᠢᠶᠠᠨ ᠣᠯᠠᠨ ᠤ ᠬᠦᠷᠲᠡᠭᠡᠯ ᠪᠣᠯᠭᠠᠯ᠎ᠠ᠃
ᠲᠡᠷᠡ ᠪᠡᠷ 1961 ᠣᠨ ᠳᠤ ᠮᠣᠩᠭᠣᠯ ᠤᠨ ᠤᠷᠠᠴᠤᠳ ᠤᠨ ᠡᠪᠯᠡᠯ ᠦᠨ ᠳᠣᠷᠣᠨᠠᠭᠣᠪᠢ ᠳ᠋ᠡᠬᠢ ᠰᠠᠯᠪᠤᠷᠢ ᠳᠤ ᠳᠠᠭᠠᠯᠳᠤᠨ ᠵᠢᠷᠤᠭᠠᠴᠢ᠂ 1962 ᠣᠨ ᠠᠴᠠ ᠳᠣᠷᠣᠨᠠᠭᠣᠪᠢ ᠠᠶᠢᠮᠠᠭ ᠤᠨ ᠲᠣᠭᠲᠠᠮᠠᠯ ᠬᠡᠪᠯᠡᠯ 《ᠢᠯᠠᠯᠲᠠ》 ᠰᠣᠨᠢᠨ ᠳᠤ ᠴᠠᠶᠢᠷ ᠵᠢᠷᠤᠭᠴᠢᠨ᠂ ᠰᠡᠳᠬᠦᠯᠴᠢ ᠪᠡᠷ 1990 ᠍ ᠊ᠭᠡᠳ ᠣᠨ ᠬᠦᠷᠲᠡᠯ᠎ᠡ ᠠᠵᠢᠯᠯᠠᠵᠤ ᠣᠯᠠᠨ ᠠᠷᠪᠢᠨ ᠲᠡᠦᠬᠡᠨ ᠦᠢᠯᠡ ᠶᠠᠪᠤᠳᠠᠯ ᠢ ᠭᠡᠷᠡᠯ ᠵᠢᠷᠤᠭ ᠤᠨ ᠬᠠᠯᠢᠰᠤᠨ ᠢᠶᠠᠨ ᠪᠠᠭᠤᠯᠭᠠᠭᠰᠠᠨ ᠪᠠᠶᠢᠳᠠᠭ᠃
ᠯ∙ᠰᠠᠨᠳᠤᠢ ᠭᠤᠸᠠᠢ ᠪᠦᠲᠦᠭᠡᠯ ᠳᠦ ᠪᠡᠨ ᠳᠣᠷᠣᠨᠠᠭᠣᠪᠢ ᠠᠶᠢᠮᠠᠭ ᠤᠨ ᠲᠡᠦᠬᠡᠨ ᠳᠦ ᠬᠠᠮᠢᠶᠠᠷᠬᠤ 1940-1990 ᠍ ᠊ᠭᠡᠳ ᠣᠨ ᠬᠦᠷᠲᠡᠯᠡᠬᠢ ᠬᠠᠭᠠᠰ ᠵᠠᠭᠤᠨ ᠵᠢᠯ ᠦᠨ ᠦᠢᠯᠡ ᠶᠠᠪᠤᠳᠠᠯ᠂ ᠰᠤᠶᠤᠯ ᠪᠣᠯᠪᠠᠰᠤᠷᠠᠯ᠂ ᠨᠤᠲᠤᠭ ᠣᠷᠣᠨ ᠤ ᠬᠥᠭᠵᠢᠯ ᠳᠡᠪᠰᠢᠯ᠂ ᠲᠡᠦᠬᠡᠨ ᠬᠦᠮᠦᠰ ᠦᠨ ᠠᠶᠢᠯᠴᠢᠯᠠᠯ᠂ ᠪᠦᠲᠦᠭᠡᠨ ᠪᠠᠶᠢᠭᠤᠯᠤᠯᠲᠠ ᠶᠢ ᠰᠤᠷᠪᠤᠯᠵᠢᠯᠠᠨ  ᠤᠯᠠᠨ ᠳᠤ ᠲᠦᠭᠡᠭᠡᠵᠦ ᠲᠡᠦᠬᠡ ᠠᠷᠬᠢᠪ ᠤᠨ ᠬᠣᠣᠰ ᠦᠭᠡᠢ ᠦᠨᠡᠲᠦ ᠪᠠᠷᠢᠮᠲᠠ ᠶᠢ ᠪᠦᠲᠦᠭᠡᠵᠦ ᠴᠢᠳᠠᠭᠰᠠᠨ ᠤᠷᠠᠨ ᠪᠦᠲᠦᠭᠡᠯᠴᠢ ᠶᠤᠮ᠃ ᠭᠡᠷᠡᠯ ᠵᠢᠷᠤᠭ ᠠᠴᠠ ︽ᠶᠡᠬᠡ ᠭᠣᠪᠢ ᠶᠢᠨ ᠵᠣᠷᠢᠭᠲᠠᠨ ᠤ ᠥᠯᠥᠭᠡᠢ ᠨᠤᠲᠤᠭ︾ ᠭᠡᠭᠳᠡᠳᠡᠭ ᠳᠣᠷᠣᠨᠠᠭᠣᠪᠢ ᠨᠤᠲᠤᠭ ᠤᠨ ᠠᠷᠠᠳ ᠢᠷᠭᠡᠳ ᠦᠨ ᠠᠮᠢᠳᠤᠷᠠᠯ ᠲᠡᠮᠡᠴᠡᠯ᠂ ᠦᠦᠬᠡ ᠲᠡᠦᠬᠡ᠂ ᠬᠥᠭᠵᠢᠯ ᠳᠡᠪᠰᠢᠯ᠂ ᠠᠩᠬᠠᠨ ᠤ ᠲᠡᠮᠦᠷ ᠵᠠᠮ ᠤᠨ ᠪᠦᠲᠦᠭᠡᠨ ᠪᠠᠶᠢᠭᠤᠯᠤᠯᠲᠠ᠂  ᠵᠡᠭᠦᠨ ᠪᠠᠶᠠᠨ ᠤ ᠨᠧᠹᠲ ᠦᠨ ᠦᠢᠯᠡᠳᠪᠦᠷᠢ᠂ ᠪᠠᠷᠢᠯᠭ᠎ᠠ᠂ ᠬᠣᠲᠠᠵᠢᠯᠲᠠ ᠭᠡᠳ ᠬᠥᠳᠡᠯᠮᠦᠷᠢ ᠪᠦᠲᠦᠭᠡᠯ ᠢᠶᠡᠷ ᠢᠶᠡᠨ ᠤᠯᠤᠰ ᠳᠠᠶᠠᠭᠠᠷ ᠮᠠᠩᠯᠠᠶᠢᠯᠠᠵᠤ 《ᠰᠤᠶᠤᠯ ᠲᠦᠭᠡᠭᠰᠡᠨ ᠠᠯᠲᠠᠨ ᠭᠣᠪᠢ》 ᠬᠡᠮᠡᠬᠦ ᠬᠦᠨᠳᠦᠳᠬᠡᠯ ᠬᠦᠷᠲᠡᠭᠰᠡᠨ ᠲᠡᠦᠬᠡᠨ ᠭᠱᠠᠨ ᠢ ᠲᠣᠯᠢᠳᠠᠨ ᠦᠵᠡᠬᠦ ᠪᠣᠯᠤᠮᠵᠢ ᠲᠠᠢ᠃ ᠭᠡᠷᠡᠯ ᠵᠢᠷᠤᠭ ᠠᠴᠠ ᠭᠠᠳᠠᠨ᠎ᠠ ᠲᠡᠷᠡ ᠪᠡᠷ ᠬᠤᠷᠳᠤᠨ ᠮᠣᠷᠢᠨ ᠤ ᠲᠤᠬᠠᠢ ᠴᠤᠪᠤᠷᠠᠯ ᠪᠦᠲᠦᠭᠡᠯ ᠬᠡᠪᠯᠡᠭᠦᠯᠦᠭᠰᠡᠨ ᠶᠤᠮ᠃

ᠰᠡᠳᠬᠢᠭᠳᠡᠯ ᠦᠯᠡᠳᠡᠭᠡᠬᠦ