《ᠳᠣᠲᠣᠭᠠᠳᠤ ᠶᠢᠷᠲᠢᠨᠴᠦ ᠶᠢᠨ ᠤᠷᠤᠰᠬᠠᠯ》 ᠨᠣᠮ ᠤᠨ ᠨᠡᠭᠡᠭᠡᠯᠲᠡ ᠪᠣᠯᠤᠯ᠎ᠠ | News.MN

《ᠳᠣᠲᠣᠭᠠᠳᠤ ᠶᠢᠷᠲᠢᠨᠴᠦ ᠶᠢᠨ ᠤᠷᠤᠰᠬᠠᠯ》 ᠨᠣᠮ ᠤᠨ ᠨᠡᠭᠡᠭᠡᠯᠲᠡ ᠪᠣᠯᠤᠯ᠎ᠠ

ᠮᠤᠩᠭᠤᠯ ᠤᠨ ᠵᠤᠬᠢᠶᠠᠯᠴᠢᠳ ᠤᠨ ᠡᠪᠯᠡᠯ ᠦᠨ ᠱᠠᠩᠨᠠᠯᠲᠤ᠂ ᠨᠡᠷᠡᠲᠦ ᠢᠷᠠᠭᠤ ᠨᠠᠶᠢᠷᠠᠭᠴᠢ᠂ ᠵᠣᠬᠢᠶᠠᠯᠴᠢ ᠸᠠᠩᠬᠦᠦ ᠶᠢᠨ ᠪᠠᠲᠤᠪᠠᠶᠠᠷ ᠠᠭᠰᠠᠨ ᠤ 《ᠳᠣᠲᠣᠭᠠᠳᠤ ᠶᠢᠷᠲᠢᠨᠴᠦ ᠶᠢᠨ ᠤᠷᠤᠰᠬᠠᠯ》 ᠨᠣᠮ ᠤᠨ ᠨᠡᠭᠡᠭᠡᠯᠲᠡ ᠡᠪᠦᠯ ᠦᠨ ᠡᠬᠢᠨ ᠰᠠᠷ᠎ᠠ ᠶᠢᠨ ᠰᠢᠨ᠎ᠡ ᠶᠢᠨ 15 ᠍ ᠤ ᠪᠢᠯᠢᠭᠲᠦ ᠰᠠᠶᠢᠨ ᠡᠳᠦᠷ ᠪᠠᠶᠠᠨᠬᠣᠩᠭᠣᠷ ᠬᠤᠲᠠᠨ᠎ᠠ ᠪᠣᠯᠤᠯ᠎ᠠ᠃ ᠸ∙ᠪᠠᠲᠤᠪᠠᠶᠠᠷ ᠠᠭᠰᠠᠨ ᠤ ᠦᠷ᠎ᠡ ᠬᠡᠦᠬᠡᠳ᠂ ᠨᠠᠶᠢᠵᠠ ᠨᠥᠬᠥᠳ ᠬᠠᠮᠲᠤᠷᠠᠨ ᠲᠠᠪᠤᠳᠠᠬᠢ ᠨᠣᠮ ᠢ ᠡᠮᠬᠢᠳᠬᠡᠨ ᠬᠡᠪᠯᠡᠭᠦᠯᠵᠦ ᠤᠩᠰᠢᠭᠴᠢᠳ ᠤᠨ ᠬᠦᠷᠲᠡᠭᠡᠯ ᠪᠣᠯᠭᠠᠵᠤ ᠪᠤᠢ ᠨᠢ ᠡᠨᠡᠬᠦ 《ᠳᠣᠲᠣᠭᠠᠳᠤ ᠶᠢᠷᠲᠢᠨᠴᠦ ᠶᠢᠨ ᠤᠷᠤᠰᠬᠠᠯ》 ᠬᠡᠮᠡᠬᠦ ᠲᠡᠭᠦᠨ ᠦ ᠰᠢᠯᠦᠭ᠂ ᠢᠷᠠᠭᠤ ᠨᠠᠶᠢᠷᠠᠭ᠂ ᠥᠭᠦᠯᠡᠯᠭᠡ ᠶᠢᠨ ᠲᠡᠭᠦᠪᠦᠷᠢ ᠵᠣᠬᠢᠶᠠᠯ ᠠᠵᠡᠢ᠃
ᠨᠣᠮ ᠤᠨ ᠨᠡᠭᠡᠭᠡᠯᠲᠡ ᠶᠢᠨ ᠶᠣᠰᠣᠯᠠᠯ ᠤᠨ ᠦᠶ᠎ᠡ ᠪᠡᠷ ᠠᠶᠢᠮᠠᠭ ᠤᠨ ᠵᠠᠰᠠᠭ ᠳᠠᠷᠤᠭ᠎ᠠ ᠭ∙ᠪᠠᠲᠤᠵᠢᠷᠭᠠᠯ ᠠᠪᠤ ᠶᠢᠨ ᠢᠶᠠᠨ ᠤᠷᠠᠨ ᠪᠦᠲᠦᠭᠡᠯ ᠢ ᠨᠣᠮ ᠪᠣᠯᠭᠠᠨ ᠮᠥᠩᠬᠡᠯᠡᠵᠦ ᠠᠷᠢᠭᠤᠨ ᠴᠠᠭᠠᠨ ᠰᠤᠪᠤᠷᠭ᠎ᠠ ᠪᠦᠲᠦᠭᠡᠭᠰᠡᠨ ᠲᠡᠭᠦᠨ ᠦ ᠤᠤᠭᠠᠨ ᠬᠦᠦ ᠪ∙ᠲᠦᠷᠦᠮᠦ᠋ᠩᠬᠡ ᠨᠠᠷ ᠤᠨ ᠦᠷ᠎ᠡ ᠬᠡᠦᠬᠡᠳ  ᠲᠤ ᠨᠢ  ᠴᠢᠩ ᠰᠡᠳᠬᠢᠯ ᠦᠨ ᠲᠠᠯᠠᠷᠬᠠᠯ ᠳᠡᠪᠰᠢᠭᠦᠯᠦᠭᠡᠳ᠂ 《ᠢᠷᠡᠬᠦ ᠵᠢᠯ ᠬᠢᠬᠦ ᠯᠠᠮ᠎ᠠ ᠶᠢᠨ ᠭᠡᠭᠡᠨ ᠦ 380 ᠵᠢᠯ ᠦᠨ ᠣᠢ ᠶᠢᠨ ᠳᠠᠩᠱᠢᠭ ᠨᠠᠭᠠᠳᠤᠮ ᠳᠤ ᠤᠷᠢᠭᠳᠠᠨ ᠤᠷᠤᠯᠴᠠᠬᠤ ᠵᠣᠴᠢᠳ ᠲᠤ ᠪᠠᠨ ᠪᠠᠷᠢᠬᠤ ᠡᠷᠬᠢᠮ ᠦᠨ ᠳᠡᠭᠡᠳᠦ ᠪᠡᠯᠡᠭ ᠡᠨᠡ ᠨᠣᠮ ᠪᠠᠶᠢᠬᠤ ᠪᠣᠯᠤᠨ᠎ᠠ》 ᠭᠡᠳᠡᠭ ᠢ ᠣᠨᠴᠠᠯᠠᠵᠤ ᠪᠠᠶᠢᠪᠠ᠃ ᠡᠷᠬᠢᠮ ᠨᠠᠶᠢᠷᠠᠭᠴᠢ ᠶᠢᠨ ᠭᠡᠷ ᠪᠦᠯᠢ᠂ ᠦᠷ᠎ᠡ ᠬᠡᠦᠬᠡᠳ ᠦᠳ ᠡᠴᠡ ᠡᠨᠡᠬᠦ 《ᠳᠣᠲᠣᠭᠠᠳᠤ ᠶᠢᠷᠲᠢᠨᠴᠦ ᠶᠢᠨ ᠤᠷᠤᠰᠬᠠᠯ》 ᠨᠣᠮ ᠤᠨ ᠪᠠᠶᠠᠷ ᠢ ᠲᠥᠷᠥᠯᠬᠢ ᠪᠠᠶᠠᠩᠭᠤᠪᠢ ᠰᠤᠮᠤᠨ ᠳᠤ ᠨᠢ ᠤᠳᠠᠬᠤ ᠦᠭᠡᠢ ᠬᠢᠵᠦ᠂ ᠨᠤᠲᠤᠭ ᠤᠰᠤᠨ ᠳᠤ ᠪᠠᠨ ᠬᠦᠨᠳᠦᠳᠬᠡᠯ ᠦᠵᠡᠭᠦᠯᠬᠦ ᠪᠡᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ