40 ᠭᠠᠷᠤᠢ ᠭᠡᠰᠢᠭᠦᠨ ᠴᠢᠭᠤᠯᠭᠠᠨ ᠳᠤ ᠪᠠᠨ ᠰᠠᠭᠤᠬᠤ ᠦᠭᠡᠢ | News.MN

40 ᠭᠠᠷᠤᠢ ᠭᠡᠰᠢᠭᠦᠨ ᠴᠢᠭᠤᠯᠭᠠᠨ ᠳᠤ ᠪᠠᠨ ᠰᠠᠭᠤᠬᠤ ᠦᠭᠡᠢ

ᠤᠯᠤᠰ ᠤᠨ ᠶᠡᠬᠡ ᠬᠤᠷᠠᠯ ᠤᠨ ᠭᠡᠰᠢᠭᠦᠨ ᠲ∙ᠠᠶᠤᠤᠷᠰᠠᠶᠢᠬᠠᠨ᠂ ᠯ ∙ ᠣᠶᠤᠨ-ᠡᠷᠳᠡᠨᠢ᠂ ᠯ ∙ ᠪᠣᠯᠣᠳ᠂ ᠵ ∙ ᠪᠠᠲᠤᠽᠠᠨᠳᠠᠨ ᠨᠠᠷ ᠥᠨᠥᠳᠥᠷ 40 ᠭᠠᠷᠤᠢ ᠭᠡᠰᠢᠭᠦᠨ ᠴᠢᠭᠤᠯᠭᠠᠨ ᠳᠤ ᠪᠠᠨ ᠰᠠᠭᠤᠬᠤ ᠦᠭᠡᠢ ᠭᠡᠵᠦ ᠪᠠᠶᠢᠭ᠎ᠠ ᠲᠤᠬᠠᠢ ᠰᠡᠳᠬᠦᠯᠴᠢᠳ ᠲᠦ ᠮᠡᠳᠡᠭᠳᠡᠯ᠎ᠡ᠃
ᠲ∙ᠠᠶᠤᠤᠷᠰᠠᠶᠢᠬᠠᠨ ᠭᠡᠰᠢᠭᠦᠨ᠄ ᠤᠯᠤᠰ ᠲᠥᠷᠥ ᠶᠢᠨ ᠬᠦᠷᠢᠶᠡᠨ ᠳᠦ  ᠭᠠᠴᠢᠭᠠᠳ ᠪᠠᠶᠢᠭ᠎ᠠ ᠵᠠᠷᠢᠮ ᠠᠰᠠᠭᠤᠳᠠᠯ ᠢ ᠬᠡᠷᠬᠢᠨ ᠳᠠᠪᠠᠨ ᠲᠤᠭᠤᠯᠬᠤ᠂  ᠰᠢᠢᠳᠬᠦ ᠠᠷᠭ᠎ᠠ ᠵᠠᠮ  ᠭᠠᠷᠭᠠᠬᠤ ᠲᠠᠯ᠎ᠠ ᠪᠠᠷ ᠢᠶᠠᠨ ᠪᠢᠳᠡ ᠰᠠᠨᠠᠯ ᠨᠢᠭᠡᠳᠦᠭᠡᠳ ᠪᠠᠶᠢᠨ᠎ᠠ᠃ ᠴᠢᠭᠤᠯᠭᠠᠨ ᠤ ᠬᠤᠷᠠᠯᠳᠤᠭᠠᠨ ᠤ ᠥᠨᠥᠳᠥᠷ ᠦᠨ ᠢᠷᠡᠴᠡ ᠪᠥᠷᠢᠳᠬᠦ ᠦᠭᠡᠢ ᠴᠠᠭ ᠭᠠᠷᠤᠢ ᠬᠤᠭᠤᠴᠠᠭ᠎ᠠ ᠥᠩᠭᠡᠷᠡᠯ᠎ᠡ᠃ ᠵᠠᠰᠠᠭ ᠤᠨ ᠭᠠᠵᠠᠷ ᠢ ᠣᠭᠴᠣᠷᠠᠭᠤᠯᠬᠤ ᠠᠰᠠᠭᠤᠳᠠᠯ ᠢᠶᠠᠷ 27  ᠭᠡᠰᠢᠭᠦᠨ ᠭᠠᠷ ᠤᠨ ᠦᠰᠦᠭ ᠵᠢᠷᠤᠵᠤ᠂ ᠥᠷᠭᠡᠨ ᠮᠡᠳᠡᠭᠦᠯᠦᠭᠡᠳ ᠪᠠᠶᠢᠭ᠎ᠠ᠃ ᠡᠮᠦᠨ᠎ᠡ ᠨᠢ ᠭᠡᠰᠢᠭᠦᠳ ᠨᠡᠶᠢᠲᠡ ᠶᠢᠨ ᠰᠣᠨᠣᠰᠬᠠᠯ ᠬᠢᠬᠦ ᠠᠰᠠᠭᠤᠳᠠᠯ ᠢᠶᠠᠷ ᠤᠳᠠᠭ᠎ᠠ ᠳᠠᠷᠠᠭ᠎ᠠ ᠬᠠᠨᠳᠤᠵᠤ ᠪᠠᠶᠢᠭᠰᠠᠨ ᠴᠤ ᠴᠢᠭᠤᠯᠭᠠᠨ ᠬᠤᠷᠠᠯᠳᠤᠭ᠎ᠠ ᠦᠭᠡᠢ᠃ ᠭᠡᠲᠡᠯ᠎ᠡ ᠵᠠᠰᠠᠭ ᠤᠨ ᠭᠠᠵᠠᠷ ᠢ ᠣᠭᠴᠣᠷᠠᠭᠤᠯᠬᠤ ᠪᠢᠴᠢᠭ ᠲᠦ ᠮ ∙ ᠡᠩᠬᠡᠪᠣᠯᠤᠳ ᠥᠪᠡᠷ ᠢᠶᠡᠨ ᠭᠠᠷ ᠤᠨ ᠦᠰᠦᠭ ᠵᠢᠷᠤᠭᠰᠠᠨ ᠮᠥᠷᠲᠡᠯ᠎ᠡ ᠲᠡᠷᠡ ᠪᠢᠴᠢᠭ ᠢᠶᠡᠨ ᠭᠠᠷᠳᠠᠨ ᠠᠪᠴᠤ᠂ ᠬᠡᠯᠡᠯᠴᠡᠬᠦ ᠭᠡᠵᠦ ᠪᠠᠶᠢᠭ᠎ᠠ ᠨᠢ ᠪᠤᠷᠤᠭᠤ᠃ ᠲᠡᠶᠢᠮᠦ ᠡᠴᠡ ᠤᠯᠤᠰ ᠤᠨ ᠶᠡᠬᠡ ᠬᠤᠷᠠᠯ ᠤᠨ 40 ᠭᠠᠷᠤᠢ ᠭᠡᠰᠢᠭᠦᠳ ᠭᠠᠷ ᠤᠨ ᠦᠰᠦᠭ ᠵᠢᠷᠤᠵᠤ᠂ ᠮ ∙ ᠡᠩᠬᠡᠪᠣᠯᠤᠳ ᠢ ᠣᠭᠴᠣᠷᠠᠬᠤ ᠬᠦᠷᠲᠡᠯ᠎ᠡ ᠴᠢᠭᠤᠯᠭᠠᠨ ᠳᠦ ᠰᠠᠭᠤᠬᠤ ᠦᠭᠡᠢ ᠪᠠᠶᠢᠬᠤ ᠪᠠᠷ ᠰᠠᠨᠠᠯ ᠨᠢᠭᠡᠳᠦᠭᠰᠡᠨ ᠭᠡᠵᠦ ᠲᠣᠳᠣᠳᠬᠠᠭᠰᠠᠨ ᠶᠤᠮ᠃
ᠵ∙ᠪᠠᠲᠤᠽᠠᠨᠳᠠᠨ ᠭᠡᠰᠢᠭᠦᠨ ᠄ ᠤᠯᠤᠰ ᠤᠨ ᠶᠡᠬᠡ ᠬᠤᠷᠠᠯ ᠤᠨ 40 ᠭᠠᠷᠤᠢ ᠭᠡᠰᠢᠭᠦᠨ ᠭᠠᠷ ᠤᠨ ᠦᠰᠦᠭ ᠢᠶᠡᠨ ᠵᠢᠷᠤᠭᠰᠠᠨ᠃ 60 ᠲᠡᠷᠪᠤᠮ ᠲᠠᠢ ᠬᠣᠯᠪᠣᠭᠠᠲᠠᠢ ᠠᠰᠠᠭᠤᠳᠠᠯ ᠢ ᠭᠠᠴᠢᠭᠠᠭᠰᠠᠭᠠᠷ ᠪᠠᠶᠢᠭ᠎ᠠ ᠮᠥᠷᠲᠡᠯ᠎ᠡ ᠵᠠᠰᠠᠭ ᠤᠨ ᠭᠠᠵᠠᠷ ᠢ ᠣᠭᠴᠣᠷᠠᠭᠤᠯᠬᠤ ᠠᠰᠠᠭᠤᠳᠠᠯ ᠢ ᠬᠡᠯᠡᠯᠴᠡᠬᠦ ᠭᠡᠵᠦ ᠪᠠᠶᠢᠭ᠎ᠠ ᠨᠢ ᠪᠤᠷᠤᠭᠤ᠃ ᠮ ∙ ᠡᠩᠬᠡᠪᠣᠯᠤᠳ ᠢ ᠤᠯᠤᠰ ᠤᠨ ᠶᠡᠬᠡ ᠬᠤᠷᠠᠯ ᠤᠨ ᠳᠠᠷᠤᠭ᠎ᠠ ᠠᠴᠠ ᠪᠠᠨ ᠤᠭᠴᠤᠷᠠᠬᠤ ᠦᠭᠡᠢ ᠪᠤᠯ ᠴᠢᠭᠤᠯᠭᠠᠨ ᠳᠤ ᠰᠠᠭᠤᠬᠤ ᠦᠭᠡᠢ ᠭᠡᠰᠡᠨ ᠪᠠᠶᠢᠷᠢ ᠰᠠᠭᠤᠷᠢᠨ ᠳᠡᠭᠡᠷ᠎ᠡ ᠭᠡᠰᠢᠭᠦᠳ ᠨᠢᠭᠡᠳᠦᠭᠡᠳ ᠪᠠᠶᠢᠨ᠎ᠠ ᠭᠡᠪᠡ᠃
ᠯ∙ᠪᠣᠯᠣᠳ ᠭᠡᠰᠢᠭᠦᠨ ᠄ ᠤᠯᠤᠰ ᠤᠨ ᠶᠡᠬᠡ ᠬᠤᠷᠠᠯ ᠤᠨ ᠳᠠᠷᠤᠭ᠎ᠠ ᠫᠠᠷᠯᠠᠮᠧᠨᠲ ᠢ ᠬᠡᠪ ᠦᠨ ᠠᠵᠢᠯᠯᠠᠭᠤᠯᠬᠤ ᠡᠭᠦᠷᠭᠡ ᠲᠡᠢ᠃ ᠭᠡᠲᠡᠯ᠎ᠡ ᠦᠪᠡᠷ ᠲᠦ ᠠᠰᠢᠭᠲᠠᠢ ᠪᠠᠶᠢᠳᠠᠯ ᠢᠶᠠᠷ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠢ ᠬᠥᠲᠥᠯᠦᠨ ᠶᠠᠪᠤᠭᠤᠯᠵᠤ ᠪᠠᠶᠢᠨ᠎ᠠ᠃ ᠡᠶᠢᠮᠦ ᠪᠠᠶᠢᠳᠠᠯ ᠢᠶᠠᠷ ᠴᠠᠰᠢ ᠪᠠᠨ ᠶᠠᠪᠤᠬᠤ ᠶᠤᠮ ᠪᠣᠯ ᠫᠠᠷᠠᠯᠮᠧᠨᠲ ᠤᠨ ᠲᠣᠭᠲᠠᠯᠴᠠᠭ᠎ᠠ ᠠᠯᠳᠠᠭᠳᠠᠬᠤ ᠳᠤ ᠬᠦᠷᠦᠨ᠎ᠡ ᠭᠡᠪᠡ᠃
ᠯ∙ᠣᠶᠤᠨ-ᠡᠷᠳᠡᠨᠢ ᠭᠡᠰᠢᠭᠦᠨ᠄ ᠮᠣᠩᠭᠣᠯ ᠤᠨ ᠲᠥᠷᠥ ᠶᠢ ᠬᠡᠳᠦᠬᠡᠨ ᠲᠣᠮᠣ ᠺᠣᠮᠫᠠᠨᠢ ᠨᠤᠭᠤᠳ ᠤᠳᠤᠷᠢᠳᠴᠤ ᠪᠠᠶᠢᠨ᠎ᠠ᠃ ᠦᠨᠳᠦᠰᠦᠨ ᠬᠠᠤᠯᠢ ᠶᠢᠨ ᠰᠡᠴᠡ ᠬᠦᠷᠲᠡᠯ᠎ᠡ ᠮ∙ᠡᠩᠬᠡᠪᠣᠯᠤᠳ ᠲᠤ ᠦᠢᠯᠡᠴᠢᠯᠡᠵᠦ ᠪᠠᠶᠢᠨ᠎ᠠ᠃ ᠡᠨᠡ  ᠬᠦᠮᠦᠨ ᠡᠴᠡ ᠪᠣᠯᠵᠤ ᠫᠠᠷᠯᠠᠮᠧᠨᠲ ᠲᠠᠷᠠᠬᠤ᠂ ᠵᠠᠰᠠᠭ ᠣᠭᠴᠣᠷᠠᠬᠤ ᠬᠡᠮᠵᠢᠶᠡᠨ ᠳᠦ  ᠬᠦᠷᠦᠯ᠎ᠡ ᠃  ᠶᠠᠮᠠᠷ ᠲᠣᠮᠣ ᠡᠷᠬᠡ ᠮᠡᠳᠡᠯ ᠪᠤᠢ ᠭᠡᠪᠡ᠃

ᠰᠡᠳᠬᠢᠭᠳᠡᠯ ᠦᠯᠡᠳᠡᠭᠡᠬᠦ