ᠬᠤᠶᠢᠳᠤ ᠲᠤᠶᠢᠯ ᠳᠤ ᠪᠣᠯᠬᠤ Fjallraven-2019 ᠨᠣᠬᠠᠢ ᠴᠢᠷᠭ᠎ᠠ ᠪᠠᠷ ᠠᠶᠠᠯᠠᠬᠤ ᠡᠷᠬᠡ ᠶᠢᠨ ᠲᠥᠯᠥᠭᠡ ᠢᠨᠲᠸᠷᠨᠧᠲ ᠦᠨ ᠰᠠᠨᠠᠯ ᠠᠰᠠᠭᠤᠯᠭ᠎ᠠ ᠡᠨᠡ ᠰᠠᠷ᠎ᠠ ᠶᠢᠨ 15 ᠡᠴᠡ ᠠᠯᠪᠠᠨ ᠶᠣᠰᠣᠭᠠᠷ ᠡᠬᠢᠯᠡᠵᠡᠢ ᠃ Fjallraven ᠨᠣᠬᠠᠢ ᠴᠢᠷᠭᠠᠨ ᠤ ᠤᠷᠤᠯᠳᠤᠭᠠᠨ ᠤ ᠡᠮᠦᠨᠡᠬᠢ ᠵᠢᠯ ᠦᠳ ᠦᠨ ᠢᠯᠠᠭᠴᠢ ᠳᠤ ᠮᠣᠩᠭᠣᠯ ᠠᠴᠠ ᠴᠡᠩᠬᠡᠷ ᠦᠰᠦᠲᠦ ᠡ᠊ ∙ᠰᠡᠷᠡᠩ ︵2015︶᠂ ᠠᠮᠧᠷᠢᠺᠠ ᠡᠴᠡ ᠪ ∙ ᠵᠠᠭᠳᠠᠭᠠ ︵2016︶᠂ ᠪᠠᠰᠺᠠ ︵2017︶᠂ ᠰ ᠂ ᠨᠣᠮᠢᠨ ︵ 2018︶ ᠨᠠᠷ ᠪᠠᠶᠢᠭᠰᠠᠨ ᠶᠤᠮ᠃ ᠡᠨᠡ ᠵᠢᠯ ᠤᠯᠤᠰ ᠣᠷᠣᠨ ᠨᠤᠭᠤᠳ ᠢ ᠠᠷᠪᠠᠨ ᠪᠥᠰᠡ ᠪᠣᠯᠭᠠᠨ ᠬᠤᠪᠢᠶᠠᠭᠰᠠᠨ ᠠᠴᠠ ᠭᠤᠷᠪᠠᠨ ᠪᠥᠰᠡ ᠡᠴᠡ ᠨᠢ ᠮᠣᠩᠭᠣᠯ ᠡᠷᠡᠴᠦᠳ ᠦᠷᠢᠰᠦᠯᠳᠦᠬᠦ ᠠᠵᠡᠢ᠃ ᠬᠤᠶᠢᠳᠤ ᠠᠮᠧᠷᠢᠺᠠ ᠠᠴᠠ ᠳ ∙ ᠲᠦᠪᠰᠢᠨᠪᠠᠶᠠᠷ᠂ ᠰᠸᠸᠳ᠋ᠸᠨ ᠡᠴᠡ ᠡᠩᠬᠡᠰᠠᠷᠠᠭᠤᠯ᠂ ᠮᠣᠩᠭᠣᠯ ᠠᠴᠠ ᠽ ᠂ ᡀᠠᠪᠠᠵᠢᠷᠭᠠᠯ ᠤᠷᠤᠯᠴᠠᠬᠤ ᠶᠤᠮ ᠪᠠᠶᠢᠨ᠎ᠠ᠃