ᠳᠡᠯᠡᠬᠡᠢ ᠶᠢᠨ ᠬᠥᠯ ᠪᠥᠮᠪᠥᠭᠡ ᠶᠢᠨ ᠲᠡᠦᠬᠡᠨ ᠳᠦ ᠨᠡᠷ᠎ᠡ ᠪᠡᠨ ᠮᠥᠩᠬᠡᠯᠡᠭᠰᠡᠨ ᠳᠣᠮᠣᠭᠲᠤ ᠬᠥᠯ ᠪᠥᠮᠪᠦᠭᠡᠴᠢᠨ ᠠᠰᠠᠨ ᠫᠧᠲ᠋ᠧᠷ ᠱᠮᠸᠢᠾᠸᠯ ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠠᠴᠠ ᠣᠨ ᠤ ᠰᠢᠯᠢᠳᠡᠭ ᠦᠳ ᠢ ᠲᠣᠳᠣᠷᠠᠭᠤᠯᠬᠤ ︽ᠠᠯᠲᠠᠨ ᠪᠥᠮᠪᠥᠭᠡ︾ ᠶᠣᠰᠣᠯᠠᠯ ᠤᠨ ᠠᠷᠭ᠎ᠠ ᠬᠡᠮᠵᠢᠶᠡᠨ ᠳᠦ ᠬᠦᠨᠳᠦᠲᠦ ᠵᠣᠴᠢᠨ ᠢᠶᠠᠷ ᠤᠷᠢᠭᠳᠠᠵᠠᠢ᠃ ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠤ ᠡᠨᠡᠬᠦ ᠠᠷᠭ᠎ᠠ ᠬᠡᠮᠵᠢᠶᠡᠨ ᠳᠦ ᠵᠢᠯ ᠪᠦᠷᠢ ᠬᠦᠨᠳᠦᠲᠦ ᠵᠣᠴᠢᠳ ᠤᠷᠢᠭᠳᠠᠨ ᠣᠷᠣᠯᠴᠠᠳᠠᠭ ᠪᠥᠭᠡᠳ 2017 ᠣᠨ ᠳᠤ ︽ ᠮᠠᠨᠴᠸᠰᠲᠸᠷ ᠶᠦᠨᠧᠲᠸᠳ᠋ ︾ ᠺᠯᠦ᠋ᠪ ᠪᠣᠯᠤᠨ ᠹᠷᠠᠨᠼᠢ ᠶᠢᠨ ᠰᠢᠭᠰᠢᠭᠡ ᠪᠠᠭ ᠤᠨ ᠳᠣᠪᠲᠣᠯᠤᠭᠴᠢ ᠯᠦᠶ᠋ᠢ ᠰᠠ ᠮᠣᠩᠭᠣᠯ ᠳᠤ ᠢᠷᠡᠵᠦ ᠪᠠᠶᠢᠭᠰᠠᠨ ᠪᠢᠯᠡ᠃ ᠮᠣᠩᠭᠣᠯ ᠤᠨ ᠬᠥᠯ ᠪᠥᠮᠪᠥᠭᠡ ᠶᠢᠨ ᠡᠷᠡᠭᠲᠡᠢ᠂ ᠡᠮᠡᠭᠲᠡᠢ ᠪᠠᠭ ᠤᠳ ᠲᠡᠦᠬᠡᠨ ᠳᠦ ᠪᠡᠨ ᠠᠩᠬ᠎ᠠ ᠤᠳᠠᠭ᠎ᠠ ᠵᠡᠭᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠣᠶᠠᠳᠤᠭᠠᠷ ᠱᠠᠲᠤᠨ ᠳᠤ ᠰᠢᠯᠭᠠᠷᠠᠭᠰᠠᠨ ᠠᠮᠵᠢᠯᠲᠠ ᠶᠢ 2018 ᠣᠨ ᠳᠤ ᠦᠵᠡᠭᠦᠯᠦᠭᠰᠡᠨ᠃ ᠮᠥᠨ ᠳᠡᠯᠡᠬᠡᠢ ᠶᠢᠨ ᠰᠠᠶ᠎ᠠ ᠰᠠᠶ᠎ᠠ ᠬᠥᠭᠵᠢᠶᠡᠨ ᠳᠡᠮᠵᠢᠭᠴᠢᠳ ᠦᠨ ᠠᠩᠬᠠᠷᠤᠯ ᠤᠨ ᠲᠥᠪ ᠲᠦ ᠪᠠᠶᠢᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠮᠦᠨ᠎ᠡ ᠳᠡᠯᠡᠬᠡᠢ ᠶᠢᠨ ᠠᠪᠤᠷᠭᠤ ᠶᠢᠨ ︽ᠠᠯᠲᠠᠨ ᠴᠣᠮᠣ︾ ᠮᠣᠩᠭᠣᠯ ᠳᠤ ᠢᠷᠡᠭᠰᠡᠨ ᠵᠡᠷᠭᠡ ᠲᠣᠮᠣᠬᠠᠨ ᠦᠢᠯᠡ ᠶᠠᠪᠤᠳᠠᠯ ᠤᠳ ᠡᠨᠡ ᠣᠨ ᠳᠤ ᠲᠣᠬᠢᠶᠠᠭᠰᠠᠨ᠃ ᠲᠡᠶᠢᠮᠦ ᠡᠴᠡ ᠬᠥᠯ ᠪᠥᠮᠪᠥᠭᠡ ᠶᠢᠨ ᠰᠢᠯᠢᠳᠡᠭ ᠦᠳ ᠢ ᠲᠣᠳᠣᠷᠠᠭᠤᠯᠳᠠᠭ ︽ᠠᠯᠲᠠᠨ ᠪᠥᠮᠪᠥᠭᠡ︾ ᠱᠠᠩᠨᠠᠯ ᠭᠠᠷᠳᠠᠭᠤᠯᠬᠤ ᠠᠷᠭ᠎ᠠ ᠬᠡᠮᠵᠢᠶ᠎ᠡ ᠵᠢᠯ ᠡᠴᠡ ᠵᠢᠯ ᠳᠦ ᠥᠷᠭᠡᠵᠢᠵᠦ᠂ ᠳᠡᠯᠡᠬᠡᠢ ᠶᠢᠨ ᠳᠣᠮᠣᠭᠲᠤ ᠣᠳᠣ ᠨᠤᠭᠤᠳ ᠢ ᠮᠣᠩᠭᠣᠯ ᠤᠨ ᠦᠵᠡᠭᠴᠢᠳ ᠲᠡᠢ ᠠᠭᠤᠯᠵᠠᠭᠤᠯᠬᠤ ᠪᠣᠯᠤᠮᠵᠢ ᠶᠢ ᠨᠡᠭᠡᠭᠡᠵᠦ ᠥᠭᠳᠡᠭ ᠤᠯᠠᠮᠵᠢᠯᠠᠯ ᠲᠣᠭᠲᠠᠵᠠᠢ᠃