ᠲᠸᠭᠨᠢᠭ ᠡᠳ᠋ ᠦᠨ ᠵᠠᠰᠠᠭ ᠤᠨ ᠦᠨᠳᠦᠰᠦᠯᠡᠯ᠍ ᠢ ᠬᠦᠯᠢᠶᠡᠨ ᠠᠪᠴᠠᠢ | News.MN

ᠲᠸᠭᠨᠢᠭ ᠡᠳ᠋ ᠦᠨ ᠵᠠᠰᠠᠭ ᠤᠨ ᠦᠨᠳᠦᠰᠦᠯᠡᠯ᠍ ᠢ ᠬᠦᠯᠢᠶᠡᠨ ᠠᠪᠴᠠᠢ

ᠡᠷᠦᠳᠡᠰᠦ ᠪᠠᠶᠠᠯᠢᠭ ᠤᠨ ᠮᠡᠷᠭᠡᠵᠢᠯ ᠦᠨ ᠥᠷᠭᠡᠳᠬᠡᠭᠰᠡᠨ ᠬᠤᠷᠠᠯ ᠡᠨᠡ ᠰᠠᠷ᠎ᠠ ᠶᠢᠨ 15 ᠍ ᠤ ᠡᠳᠦᠷ ᠪᠣᠯᠤᠯ᠎ᠠ᠃ ᠬᠤᠷᠠᠯ ᠢᠶᠠᠷ ᠳᠣᠷᠣᠨᠠᠭᠣᠪᠢ ᠠᠶᠢᠮᠠᠭ ᠤᠨ ᠠᠯᠲᠠᠨᠰᠢᠷᠡᠭᠡ ᠰᠤᠮᠤ ᠶᠢᠨ ᠨᠤᠲᠤᠭ ᠲᠤ ᠪᠠᠶᠢᠭᠤᠯᠬᠤ ︽ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠪᠣᠯᠤᠨ ᠲᠦᠭᠦᠬᠡᠢ ᠲᠣᠰᠣ ᠳᠠᠮᠵᠢᠭᠤᠯᠬᠤ ᠬᠣᠭᠣᠯᠠᠢ ᠪᠠᠷᠢᠬᠤ ᠲᠥᠰᠥᠯ 》 ᠦᠨ ᠨᠠᠷᠢᠪᠴᠢᠯᠠᠭᠰᠠᠨ ᠲᠧᠭᠨᠢᠭ ᠡᠳ᠋ ᠍ ᠦᠨ ᠵᠠᠰᠠᠭ ᠤᠨ ᠦᠨᠳᠦᠰᠦᠯᠡᠯ ᠢ ᠬᠡᠯᠡᠯᠴᠡᠵᠦ᠂ ᠬᠦᠯᠢᠶᠡᠨ ᠠᠪᠤᠭᠰᠠᠨ ᠶᠤᠮ᠃ ᠦᠢᠯᠡᠳᠪᠦᠷᠢ ᠨᠢ ᠵᠢᠯ ᠳᠦ 1.5 ᠰᠠᠶ᠎ᠠ ᠭᠠᠵᠠᠷ ᠤᠨ ᠲᠣᠰᠣ ᠪᠣᠯᠪᠠᠰᠤᠷᠠᠭᠤᠯᠵᠤ 500  ᠮᠢᠩᠭᠠᠨ ᠲᠤᠨ  ᠠᠦ᠋ᠲ᠋ᠤ᠋ ᠪᠸᠨᠽᠢᠨ᠂ 800  ᠮᠢᠩᠭᠠᠨ ᠲᠤᠨ ᠳ᠋ᠢᠽᠧᠯ ᠦᠢᠯᠡᠳᠪᠦᠷᠢᠯᠡᠬᠦ ᠪᠡᠷ ᠲᠤᠰᠬᠠᠭᠳᠠᠭᠰᠠᠨ᠃ ᠦᠢᠯᠡᠳᠪᠦᠷᠢ ᠶᠢᠨ ᠭᠠᠳᠠᠨᠠᠬᠢ ᠳᠡᠳ᠋ ᠪᠦᠲᠦᠴᠡ ᠶᠢᠨ ᠪᠦᠲᠦᠭᠡᠨ ᠪᠠᠶᠢᠭᠤᠯᠤᠯᠲᠠ ᠶᠢᠨ ᠲᠥᠰᠥᠯ ᠦᠳ ᠪᠣᠯᠬᠤ ᠰᠠᠯᠠᠭ᠎ᠠ ᠲᠡᠮᠦᠷ ᠵᠠᠮ᠂ ᠬᠠᠲᠠᠭᠤ ᠬᠤᠴᠢᠯᠲᠠ ᠲᠠᠢ  ᠠᠦ᠋ᠲ᠋ᠤ᠋ ᠵᠠᠮ᠂ ᠴᠠᠬᠢᠯᠭᠠᠨ ᠳᠠᠮᠵᠢᠭᠤᠯᠬᠤ ᠠᠭᠠᠷ ᠤᠨ ᠱᠤᠭᠤᠮ ᠤᠨ ᠠᠵᠢᠯ ᠤᠨ ᠭᠦᠢᠴᠡᠳᠬᠡᠯ ᠣᠳᠣ ᠶᠢᠨ ᠪᠠᠶᠢᠳᠠᠯ ᠢᠶᠠᠷ 40 ᠭᠠᠷᠤᠢ  ᠬᠤᠪᠢ ᠲᠠᠢ ᠶᠠᠪᠤᠵᠤ ᠪᠠᠶᠢᠨ᠎ᠠ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠫᠦᠷᠱ 2018-11-23 65.49.68.194

ᠭᠡᠬᠦ ᠳᠤ ᠪᠡᠨ ᠪᠠᠶᠢᠭᠠᠯᠢ ᠵᠢᠨ ᠣᠷᠴᠢᠨ ᠲᠣᠭᠣᠷᠢᠨ ᠢ ᠪᠢᠲᠡᠭᠡᠢ ᠪᠤᠵᠠᠷᠲᠤᠭᠤᠯᠠᠭᠠᠷᠠᠢ!