ᠵᠢᠯ ᠪᠦᠷᠢ ᠶᠢᠨ ᠠᠷᠪᠠᠨ ᠬᠣᠶᠠᠳᠤᠭᠠᠷ ᠰᠠᠷ᠎ᠠ ᠶᠢᠨ 01 ᠣ ᠡᠳᠦᠷ ᠢ ᠳᠡᠯᠡᠬᠡᠢ ᠨᠡᠶᠢᠲᠡ ᠶᠢᠨ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦ᠋ᠰ ᠤᠨ ᠡᠰᠡᠷᠭᠦ ᠡᠳᠦᠷ ᠪᠣᠯᠭᠠᠨ ᠥᠩᠭᠡᠷᠡᠭᠦᠯᠳᠡᠭ ᠤᠯᠠᠮᠵᠢᠯᠠᠯ ᠲᠠᠢ᠃ ᠮᠠᠨ ᠤ ᠤᠯᠤᠰ ᠲᠤ ᠤᠭ ᠬᠠᠯᠳᠠᠪᠤᠷᠢ ᠪᠠᠷ ᠡᠪᠡᠳᠴᠢᠯᠡᠭᠰᠡᠨ 226 ᠲᠣᠬᠢᠶᠠᠯᠳᠤᠯ ᠪᠦᠷᠢᠳᠬᠡᠭᠳᠡᠭᠰᠡᠨ ᠪᠥᠭᠡᠳ ᠬᠠᠯᠳᠠᠪᠤᠷᠢᠲᠠᠢ ᠬᠦᠮᠦᠰ ᠦᠨ 81 ᠬᠤᠪᠢ ᠨᠢ ᠡᠷᠡᠭᠲᠡᠢ᠂ 19 ᠨᠢ ᠡᠮᠡᠭᠲᠡᠢ ᠪᠠᠶᠢᠨ᠎ᠠ᠃ ᠬᠠᠯᠳᠠᠪᠤᠷᠢᠲᠠᠢ ᠡᠷᠡᠴᠦᠳ ᠦᠨ 80 ᠬᠤᠪᠢ ᠨᠢ ᠢᠵᠢᠯ ᠬᠦᠢᠰᠦᠲᠡᠨ ᠨᠤᠭᠦᠳ ᠭᠡᠰᠡᠨ ᠰᠤᠳᠤᠯᠭ᠎ᠠ ᠶᠢ ᠡᠷᠡᠭᠦᠯ ᠮᠡᠨᠳᠦ ᠶᠢᠨ ᠬᠥᠭᠵᠢᠯ ᠦᠨ ᠲᠥᠪ ᠡᠴᠡ ᠭᠠᠷᠭᠠᠵᠠᠢ᠃ ᠡᠪᠡᠳᠴᠢᠲᠡᠢ 14 ᠡᠬᠡ ᠡᠴᠡ ᠲᠦᠷᠦᠭᠰᠡᠨ ᠡᠷᠡᠭᠦᠯ 20 ᠬᠡᠦᠬᠡᠳ ᠲᠦ ᠬᠠᠯᠳᠠᠪᠤᠷᠢ ᠳᠠᠮᠵᠢᠬᠤ ᠠᠴᠠ ᠰᠡᠷᠭᠡᠶᠢᠯᠡᠵᠦ ᠂ ᠥᠩᠭᠡᠷᠡᠭᠰᠡᠨ 2016 ᠣᠨ ᠳᠤ ᠵᠢᠷᠮᠦᠰᠦᠨ 7 ᠡᠬᠡ ᠶᠢ᠂ ᠬᠠᠷᠢᠨ ᠡᠨᠡ ᠣᠨ ᠳᠤ ᠶᠢᠰᠦᠨ ᠡᠬᠡ ᠶᠢ ᠡᠮᠨᠡᠯᠭᠡ ᠶᠢᠨ ᠬᠢᠨᠠᠯᠲᠠ ᠳᠤ ᠠᠪᠴᠠᠢ᠃