ᠤᠪᠰᠤ ᠠᠶᠢᠮᠠᠭ ᠤᠨ ᠤᠯᠠᠭᠠᠨ ᠭᠤᠮ ᠰᠤᠮᠤ ᠶᠢᠨ ᠴᠢᠨᠳᠠᠮᠤᠨᠢ ᠪᠠᠭ ᠤᠨ ︽ᠤᠯᠠᠭᠠᠨ ᠲᠣᠯᠣᠭᠠᠢ︾᠍ ᠶᠢᠨ ᠭᠣᠣᠯ ᠳᠤ ᠲᠠᠷᠢᠶᠠᠯᠠᠩ ᠰᠤᠮᠤ ᠶᠢᠨ ᠬᠠᠷᠬᠢᠷ᠎ᠠ ᠪᠠᠭ ᠤᠨ ᠬᠠᠷᠢᠶᠠᠲᠤ ᠢᠷᠭᠡᠨ O᠂ C ᠨᠠᠷ 21᠄20 ᠴᠠᠭ ᠤᠨ ᠣᠷᠴᠢᠮ 44 ᠢᠮᠠᠭ᠎ᠠ᠂ 14 ᠬᠣᠨᠢ᠂ ᠨᠡᠶᠢᠲᠡ 58 ᠪᠣᠭ ᠮᠠᠯ ᠲᠠᠭᠤᠵᠤ ᠶᠠᠪᠤᠭᠠᠳ ᠭᠣᠣᠯ ᠤᠨ ᠮᠥᠰᠥ ᠴᠦᠮᠦᠷᠡᠵᠤ ᠮᠠᠯ ᠨᠢ ᠣᠰᠣᠯᠳᠠᠵᠠᠢ᠃ ᠡᠨᠡ ᠲᠤᠬᠠᠢ ᠳᠠᠭᠤᠳᠠᠯᠭ᠎ᠠ ᠶᠢ ᠠᠷᠪᠠᠨ ᠨᠢᠭᠡᠳᠦᠭᠡᠷ ᠰᠠᠷ᠎ᠠ ᠶᠢᠨ 21 ᠍ ᠦ ᠡᠳᠦᠷ ᠦᠨ 21᠄40 ᠴᠠᠭ ᠲᠤ ᠬᠦᠯᠢᠶᠡᠨ ᠠᠪᠴᠤ ᠲᠤᠰ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠠᠷᠪᠠᠨ ᠠᠯᠪᠠ ᠬᠠᠭᠠᠭᠴᠢ᠂ ᠬᠣᠶᠠᠷ ᠲᠧᠭᠨᠢᠭ ᠬᠡᠷᠡᠭᠰᠡᠯ ᠲᠡᠢ ᠪᠡᠷ 22᠄40 ᠴᠠᠭ ᠲᠤ ᠣᠴᠢᠵᠤ᠂ 30 ᠮᠢᠨᠦ᠋ᠲ ᠠᠵᠢᠯᠯᠠᠵᠤ᠂ ᠬᠣᠷᠣᠭᠳᠠᠭᠰᠠᠨ 56 ᠪᠣᠭ ᠮᠠᠯ ᠤᠨ ᠰᠡᠭ ᠵᠢᠮ ᠢ ᠭᠠᠷᠭᠠᠭᠰᠠᠨ ᠪᠠᠶᠢᠨ᠎ᠠ᠃ ᠭᠣᠣᠯ ᠮᠥᠷᠡᠨ ᠦ ᠮᠥᠰᠥ ᠬᠦᠮᠦᠨ ᠮᠠᠯ᠂ ᠮᠠᠰᠢᠨ ᠲᠡᠷᠭᠡ ᠶᠠᠪᠤᠬᠤ ᠳᠤ ᠠᠶᠤᠯ ᠦᠭᠡᠢ ᠬᠡᠮᠵᠢᠶᠡᠨ ᠳᠦ ᠬᠦᠷᠴᠦ ᠪᠡᠬᠢᠵᠢᠭᠡ ᠦᠭᠡᠢ ᠴᠥᠮᠥᠷᠡᠬᠦ ᠡᠷᠡᠰᠳᠡᠯ ᠲᠡᠢ ᠪᠠᠶᠢᠭ᠎ᠠ ᠲᠤᠯᠠ ᠴᠠᠭ ᠬᠤᠭᠤᠴᠠᠭ᠎ᠠ ᠬᠣᠵᠢᠬᠤ᠂ ᠵᠠᠮ ᠲᠣᠪᠴᠢᠯᠠᠬᠤ ᠵᠡᠷᠭᠡ ᠪᠡᠷ ᠮᠥᠰᠦᠨ ᠳᠡᠭᠡᠭᠦᠷ ᠮᠠᠯ ᠲᠠᠭᠤᠪᠤᠷᠢᠯᠠᠬᠤ᠂ ᠲᠡᠭᠡᠭᠡᠪᠦᠷᠢ ᠶᠢᠨ ᠪᠣᠯᠤᠨ ᠶᠡᠷᠦᠳᠡ ᠶᠢᠨ ᠬᠡᠷᠡᠭᠰᠡᠯ ᠲᠡᠢ ᠵᠣᠷᠴᠢᠬᠤ ᠦᠭᠡᠢ ᠪᠠᠶᠢᠬᠤ ᠶᠢ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠠᠴᠠ ᠠᠩᠬᠠᠷᠤᠭᠤᠯᠵᠤ ᠪᠠᠶᠢᠨ᠎ᠠ᠃