1200 ᠵᠢᠯ ᠦᠨ ᠨᠠᠰᠤᠲᠠᠢ ᠬᠦᠷᠡᠯ ᠬᠤᠩᠬᠤ ᠤᠯᠳᠠᠵᠠᠢ | News.MN

1200 ᠵᠢᠯ ᠦᠨ ᠨᠠᠰᠤᠲᠠᠢ ᠬᠦᠷᠡᠯ ᠬᠤᠩᠬᠤ ᠤᠯᠳᠠᠵᠠᠢ

ᠮᠣᠩᠭᠣᠯ ᠭᠧᠷᠮᠠᠨ ᠤ ᠬᠠᠮᠲᠤᠷᠠᠭᠰᠠᠨ ᠠᠷᠬᠧᠣᠯᠣᠭᠢᠴᠢᠳ ᠤᠨ ᠪᠠᠭ 2007 ᠣᠨ ᠠᠴᠠ ᠤᠶᠢᠭᠤᠷ ᠤᠨ ᠨᠡᠶᠢᠰᠯᠡᠯ ᠬᠠᠷ᠎ᠠ ᠪᠠᠯᠭᠠᠰᠤ ᠬᠣᠲᠠ ᠶᠢ ᠰᠤᠳᠤᠯᠵᠤ ᠪᠤᠢ ᠶᠤᠮ᠃ ᠬᠠᠷ᠎ᠠ ᠪᠠᠯᠭᠠᠰᠤ ᠬᠣᠲᠠ ᠨᠢ  ᠨᠠᠢᠮᠠᠳᠤᠭᠠᠷ ᠵᠠᠭᠤᠨ ᠤ ᠦᠶ᠎ᠡ ᠳᠦ ᠡᠭᠦᠰᠦᠨ ᠪᠤᠢ ᠪᠣᠯᠤᠭᠰᠠᠨ ᠪᠥᠭᠡᠳ 200 ᠍ ᠊ᠭᠠᠳ ᠵᠢᠯ ᠣᠷᠣᠰᠢᠨ ᠲᠣᠭᠲᠠᠨᠢᠵᠤ ᠪᠠᠶᠢᠭᠰᠠᠨ ᠶᠤᠮ᠃ ᠰᠤᠳᠤᠯᠭᠠᠨ ᠤ ᠦᠶ᠎ᠡ ᠪᠡᠷ ᠬᠠᠷ᠎ᠠ ᠪᠠᠯᠭᠠᠰᠤ ᠶᠢᠨ ᠣᠷᠳᠣᠨ ᠬᠣᠲᠠ ᠠᠴᠠ ᠨᠠᠷᠢᠨ ᠬᠢᠴᠡ᠂ ᠵᠣᠬᠢᠶᠠᠨ ᠪᠠᠶᠢᠭᠤᠯᠤᠯᠲᠠ ᠪᠦᠬᠦᠢ ᠬᠤᠳᠳᠤᠭ ᠢ ᠨᠡᠭᠡᠭᠡᠨ ᠢᠯᠡᠷᠡᠭᠦᠯᠦᠭᠰᠡᠨ ᠪᠠᠶᠢᠨ᠎ᠠ᠃ ᠡᠨᠡ ᠲᠠᠯ᠎ᠠ ᠪᠠᠷ ᠲᠡᠦᠬᠡ᠂ ᠠᠷᠬᠧᠣᠯᠣᠭᠢ ᠶᠢᠨ ᠬᠦᠷᠢᠶᠡᠯᠡᠩ ᠦᠨ ᠠᠵᠢᠯᠲᠠᠨ ᠲ∙ᠪᠠᠲᠤᠪᠠᠶᠠᠷ ᠶᠠᠷᠢᠬᠤ ᠳᠤ ᠪᠠᠨ  ᠄ ᠬᠠᠭᠠᠨ ᠤ ᠣᠷᠳᠣᠨ ᠬᠣᠲᠠ ᠶᠢᠨ ᠶᠡᠬᠡ ᠬᠡᠷᠡᠮ ᠦᠨ ᠵᠡᠭᠦᠨ ᠤᠷᠳᠤ ᠪᠤᠯᠤᠨ ᠳᠤ 60X 70 ᠮᠧᠲ᠋ᠷ ᠦᠨ ᠬᠡᠮᠵᠢᠶ᠎ᠡ ᠲᠡᠢ ᠭᠠᠵᠠᠷ ᠤᠨ ᠭᠠᠳᠠᠷᠭᠤ ᠠᠴᠠ 14-15 ᠮᠧᠲ᠋ᠷ ᠭᠠᠷᠤᠢ ᠥᠨᠳᠥᠷᠯᠡᠭᠰᠡᠨ ᠬᠡᠰᠡᠭ ᠪᠤᠢ᠃ ᠡᠨᠡ ᠬᠡᠰᠡᠭ ᠡᠴᠡ ᠡᠷᠲᠡᠨ ᠦ ᠬᠤᠳᠳᠤᠭ ᠢᠯᠡᠷᠡᠭᠰᠡᠨ᠃ 13 ᠣᠷᠴᠢᠮ ᠮᠧᠲ᠋ᠷ ᠦᠨ ᠭᠦᠨ ᠲᠡᠢ᠃ ᠬᠣᠨᠣᠭ ᠲᠤ 20 ᠭᠠᠷᠤᠢ ᠲᠣᠨ ᠤᠰᠤ ᠭᠠᠷᠭᠠᠬᠤ ᠬᠦᠴᠦᠨ ᠴᠢᠳᠠᠯ ᠲᠠᠢ ᠬᠤᠳᠳᠤᠭ ᠪᠠᠶᠢᠭᠰᠠᠨ ᠢ ᠤᠷᠢᠳᠴᠢᠯᠠᠭᠰᠠᠨ ᠪᠠᠶᠢᠳᠠᠯ ᠢᠶᠠᠷ ᠲᠣᠭᠲᠠᠭᠠᠭᠰᠠᠨ ᠭᠡᠪᠡ᠃  ᠮᠥᠨ ᠮᠠᠯᠲᠠᠯᠭ᠎ᠠ ᠶᠢᠨ ᠶᠠᠪᠤᠴᠠ ᠳᠤ ︽ᠵᠢᠷᠭᠤᠭᠠᠨ ᠬᠥᠭ᠂  ᠨᠠᠢᠮᠠᠨ ᠠᠶᠠᠯᠭᠤ 10 ᠲᠩᠷᠢ ᠳᠠᠭᠤᠷᠢᠰᠬᠤᠶ᠎ᠠ》 ᠬᠡᠮᠡᠬᠦ ᠤᠳᠬ᠎ᠠ ᠲᠠᠢ ᠨᠠᠩᠭᠢᠶᠠᠳ ᠪᠢᠴᠢᠭ ᠲᠡᠢ ᠬᠦᠷᠡᠯ ᠬᠣᠩᠬᠣ ᠣᠯᠳᠠᠵᠠᠢ᠃ ᠲᠤᠰ ᠬᠣᠩᠬᠣ ᠶᠢ 1200 ᠵᠢᠯ ᠦᠨ ᠳᠠᠷᠠᠭ᠎ᠠ ᠳᠤᠤᠭᠠᠷᠭᠠᠬᠤ ᠳᠤ ᠬᠥᠭ ᠡᠭᠡᠰᠢᠭ ᠨᠢ ᠠᠯᠳᠠᠭᠳᠠᠭ᠎ᠠ ᠦᠭᠡᠢ ᠪᠠᠶᠢᠭᠰᠠᠨ ᠭᠡᠨ᠎ᠡ ᠃

ᠰᠡᠳᠬᠢᠭᠳᠡᠯ ᠦᠯᠡᠳᠡᠭᠡᠬᠦ