《ᠲᠠᠯ᠎ᠠ ᠶᠢᠨ ᠬᠥᠬᠡ ᠴᠢᠨᠤᠸ᠎ᠠ ᠨᠤᠭᠤᠳ 》 ᠲᠠᠶᠢᠸᠠᠨ ᠦ ᠰᠢᠭᠰᠢᠭᠡ ᠪᠠᠭ ᠲᠤ ᠬᠣᠵᠢᠭᠳᠠᠯ᠎ᠠ | News.MN

《ᠲᠠᠯ᠎ᠠ ᠶᠢᠨ ᠬᠥᠬᠡ ᠴᠢᠨᠤᠸ᠎ᠠ ᠨᠤᠭᠤᠳ 》 ᠲᠠᠶᠢᠸᠠᠨ ᠦ ᠰᠢᠭᠰᠢᠭᠡ ᠪᠠᠭ ᠲᠤ ᠬᠣᠵᠢᠭᠳᠠᠯ᠎ᠠ

ᠬᠥᠯ ᠪᠥᠮᠪᠥᠭᠡ ᠶᠢᠨ ᠵᠡᠭᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠵᠤ ᠪᠤᠢ ᠮᠣᠩᠭᠣᠯ ᠤᠯᠤᠰ ᠤᠨ ᠡᠷᠡᠭᠲᠡᠶᠢᠴᠦᠳ ᠦᠨ ᠰᠢᠭᠰᠢᠭᠡ ᠪᠠᠭ ᠡᠨᠡ ᠵᠢᠯ ᠠᠩᠬ᠎ᠠ ᠤᠳᠠᠭ᠎ᠠ ᠬᠣᠶᠠᠳᠤᠭᠠᠷ ᠱᠠᠲᠤᠨ ᠳᠤ ᠰᠢᠯᠭᠠᠷᠠᠭᠰᠠᠨ᠃ ᠲᠡᠮᠡᠴᠡᠭᠡᠨ ᠦ ᠳᠠᠷᠠᠭ᠎ᠠ ᠶᠢᠨ ᠱᠠᠲᠤᠨ ᠳᠤ ᠰᠢᠯᠭᠠᠷᠠᠬᠤ ᠡᠷᠬᠡ ᠶᠢᠨ ᠲᠥᠯᠥᠭᠡ  ᠲᠠᠶᠢᠸᠠᠨ᠂  ᠬᠤᠩᠺᠤᠩ ᠪᠣᠯᠤᠨ  ᠬᠤᠶᠢᠳᠤ ᠰᠣᠯᠣᠩᠭᠣᠰ ᠤᠨ ᠰᠢᠭᠰᠢᠭᠡ ᠪᠠᠭ ᠤᠳ ᠲᠠᠢ ᠥᠷᠢᠰᠦᠯᠳᠦᠵᠦ ᠪᠤᠢ ᠶᠤᠮ᠃
ᠲᠡᠳᠡ ᠡᠬᠢᠨ ᠦ ᠲᠣᠭᠯᠠᠯᠲᠠ ᠪᠠᠨ  ᠬᠤᠶᠢᠳᠤ ᠰᠣᠯᠣᠩᠭᠣᠰ ᠤᠨ ᠪᠠᠭ ᠲᠠᠢ ᠬᠢᠵᠦ ᠬᠣᠵᠢᠭᠳᠠᠭᠰᠠᠨ ᠪᠣᠯ ᠳᠠᠷᠠᠭ᠎ᠠ ᠶᠢᠨ ᠲᠣᠭᠯᠠᠯᠲᠠ ᠪᠠᠨ ᠥᠴᠥᠭᠡᠳᠦᠷ ᠲᠠᠯᠠᠪᠠᠢ ᠶᠢᠨ ᠡᠵᠡᠨ ᠲᠠᠶᠢᠸᠠᠨ ᠤ ᠪᠠᠭ ᠲᠠᠢ ᠬᠢᠯ᠎ᠡ᠃ ᠡᠨᠡᠬᠦ ᠲᠣᠭᠯᠠᠯᠲᠠ ᠶᠢᠨ ᠡᠬᠢᠯᠡᠯ ᠢ ᠲᠠᠯᠠᠪᠠᠢ ᠶᠢᠨ ᠡᠵᠡᠳ ᠰᠢᠷᠦᠭᠦᠬᠡᠨ ᠡᠬᠢᠯᠡᠭᠦᠯᠵᠦ ᠂  ᠨᠠᠢᠮᠠ ᠪᠣᠯᠤᠨ  ᠠᠷᠪᠠᠳᠠᠬᠢ  ᠮᠢᠨᠦ᠋ᠲ ᠲᠤ  ᠲᠦᠷᠺ ᠭᠠᠷᠤᠯ ᠲᠠᠢ ᠳᠣᠪᠲᠣᠯᠤᠭᠴᠢ ᠣᠨᠤᠷ ᠳ᠋ᠤᠭᠠᠨ ᠮᠠᠨ ᠤ ᠬᠠᠭᠠᠯᠭᠠᠨ ᠳᠤ ᠭᠤᠤᠯᠢ ᠣᠷᠣᠭᠤᠯᠵᠠᠢ᠃
ᠮᠠᠨ ᠤ ᠵᠠᠯᠠᠭᠤᠰ  ᠬᠤᠶᠠᠳᠠᠬᠢ ᠬᠠᠭᠠᠰ ᠲᠤ ᠰᠡᠷᠭᠦᠵᠦ᠂  ᠡᠰᠡᠷᠭᠦ  ᠪᠠᠭ ᠤᠨ ᠬᠠᠭᠠᠯᠭᠠᠨ ᠳᠤ 62 ᠳᠠᠬᠢ ᠮᠢᠨᠦ᠋ᠲ ᠲᠤ  ᠳᠣᠪᠲᠣᠯᠤᠭᠴᠢ ᠨ ∙ ᠼᠡᠳᠡᠨᠪᠠᠯ ᠭᠤᠤᠯᠢ ᠣᠷᠣᠭᠤᠯᠤᠭᠰᠠᠨ ᠴᠤ 2᠄1  ᠬᠠᠷᠢᠴᠠᠭ᠎ᠠ ᠲᠠᠢ ᠪᠠᠷ ᠬᠣᠵᠢᠭᠳᠠᠯ᠎ᠠ  ᠃

ᠰᠡᠳᠬᠢᠭᠳᠡᠯ ᠦᠯᠡᠳᠡᠭᠡᠬᠦ