ᠪᠢᠽᠢᠨᠧᠰ ᠡᠷᠬᠢᠯᠡᠭᠴᠢᠳ  ᠦᠨ ᠨᠡᠭᠦᠳᠡᠯ ᠦᠨ ᠨᠣᠮ ᠤᠨ ᠰᠠᠩ ᠠᠵᠢᠯᠯᠠᠵᠤ ᠡᠬᠢᠯᠡᠯ᠎ᠡ | News.MN

ᠪᠢᠽᠢᠨᠧᠰ ᠡᠷᠬᠢᠯᠡᠭᠴᠢᠳ  ᠦᠨ ᠨᠡᠭᠦᠳᠡᠯ ᠦᠨ ᠨᠣᠮ ᠤᠨ ᠰᠠᠩ ᠠᠵᠢᠯᠯᠠᠵᠤ ᠡᠬᠢᠯᠡᠯ᠎ᠡ

ᠵᠠᠪᠬᠠᠨ ᠤ  ᠪᠢᠽᠢᠨᠧᠰ ᠡᠷᠬᠢᠯᠡᠭᠴᠢ ᠡᠮᠡᠭᠲᠡᠶᠢᠴᠦᠳ ᠦᠨ ᠬᠣᠯᠪᠣᠭᠠᠨ ᠠᠴᠠ 25 ᠵᠢᠯ ᠦᠨ ᠣᠢ ᠪᠠᠨ ᠤᠭᠲᠤᠵᠤ ᠪᠢᠽᠢᠨᠧᠰ ᠡᠷᠬᠢᠯᠡᠭᠴᠢᠳ ᠲᠦ ᠵᠣᠷᠢᠭᠤᠯᠤᠨ ᠨᠡᠭᠦᠳᠡᠯ ᠦᠨ ᠨᠣᠮ ᠤᠨ ᠰᠠᠩ  ᠠᠵᠢᠯᠯᠠᠭᠤᠯᠵᠤ ᠡᠬᠢᠯᠡᠯ᠎ᠡ᠃ ᠲᠤᠰ ᠬᠣᠯᠪᠣᠭᠠᠨ ᠤ ᠤᠳᠤᠷᠢᠳᠬᠤ ᠵᠥᠪᠯᠡᠯ ᠦᠨ 30 ᠭᠠᠷᠤᠢ ᠡᠮᠡᠭᠲᠡᠢ ᠤᠷᠠᠨ ᠵᠣᠬᠢᠶᠠᠯ  ᠪᠣᠯᠤᠨ ᠪᠢᠽᠢᠨᠧᠰ  ᠦᠨ ᠠᠮᠵᠢᠯᠲᠠ ᠶᠢᠨ ᠦᠦᠬᠡ ᠲᠡᠦᠬᠡ᠂ ᠲᠡᠦᠬᠡ ᠶᠢᠨ᠂ ᠰᠢᠨᠵᠢᠯᠡᠬᠦ ᠤᠬᠠᠭᠠᠨ ᠤ᠂ ᠭᠣᠸ᠎ᠠ ᠰᠠᠶᠢᠬᠠᠨ ᠤ ᠬᠣᠯᠪᠣᠭᠳᠠᠯ ᠲᠠᠢ 150 ᠭᠠᠷᠤᠢ ᠨᠣᠮ ᠴᠤᠭᠯᠠᠭᠤᠯᠵᠠᠢ᠃  ᠡᠳᠡᠭᠡᠷ ᠨᠣᠮ ᠢ ᠤᠯᠢᠶᠠᠰᠤᠲᠠᠢ ᠰᠤᠮᠤ ᠶᠢᠨ ᠲᠣᠮᠣᠬᠠᠨ ᠳᠥᠷᠪᠡᠨ ᠬᠤᠳᠠᠯᠳᠤᠭᠠᠨ ᠤ ᠲᠥᠪ ᠲᠦ ᠪᠠᠶᠢᠷᠢᠯᠠᠭᠤᠯᠤᠨ ᠪᠢᠽᠢᠨᠧᠰ ᠡᠷᠬᠢᠯᠡᠭᠴᠢᠳ  ᠲᠦ ᠪᠡᠨ ᠨᠣᠮ ᠤᠨ ᠰᠠᠩ ᠤᠨ ᠦᠢᠯᠡᠴᠢᠯᠡᠭᠡ ᠦᠵᠡᠭᠦᠯᠵᠦ ᠡᠬᠢᠯᠡᠵᠡᠢ᠃  ᠬᠤᠳᠠᠯᠳᠤᠭᠠᠨ ᠤ ᠲᠥᠪ ᠲᠦ ᠪᠢᠽᠢᠨᠧᠰ ᠡᠷᠬᠢᠯᠡᠵᠦ ᠪᠤᠢ ᠬᠤᠳᠠᠯᠳᠤᠭᠠᠴᠢᠳ ᠥᠪᠡᠷ ᠦᠨ ᠴᠠᠬᠢᠮ ᠢᠷᠭᠡᠨ ᠦ ᠦᠨᠡᠮᠯᠡᠬᠦ ᠪᠡᠷ ᠢᠶᠡᠨ ᠳᠠᠮᠵᠢᠭᠤᠯᠤᠨ ᠨᠣᠮ ᠢ ᠬᠣᠨᠣᠭ ᠢᠶᠠᠷ ᠪᠣᠯᠤᠨ ᠡᠳᠦᠷ ᠢᠶᠡᠷ ᠲᠦᠷᠢᠶᠡᠰᠦᠯᠡᠨ ᠠᠪᠴᠤ ᠤᠩᠰᠢᠬᠤ ᠪᠣᠯᠤᠮᠵᠢ ᠲᠠᠢ ᠶᠤᠮ ᠪᠠᠶᠢᠨ᠎ᠠ᠃

 

ᠰᠡᠳᠬᠢᠭᠳᠡᠯ ᠦᠯᠡᠳᠡᠭᠡᠬᠦ