ᠬᠥᠪᠰᠥᠭᠥᠯ ᠠᠶᠢᠮᠠᠭ ᠤᠨ ᠮᠥᠷᠡᠨ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠷ ᠠᠴᠠ ᠤᠯᠤᠰ ᠲᠤᠩᠬᠠᠭᠯᠠᠭᠰᠠᠨ ᠤ ᠪᠠᠶᠠᠷ ᠢ ᠲᠣᠬᠢᠶᠠᠯᠳᠤᠭᠤᠯᠤᠨ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ ᠬᠥᠪᠰᠥᠭᠥᠯ ᠠᠶᠢᠮᠠᠭ ᠤᠨ ᠬᠠᠷᠢᠶᠠᠲᠤ ᠰᠤᠮᠤ ᠶᠢᠨ ᠬᠠᠷᠴᠠᠭᠠᠢ᠂ ᠨᠠᠴᠢᠨ ᠴᠣᠯᠠ ᠲᠠᠢ ᠪᠣᠯᠤᠨ ᠵᠠᠯᠠᠭᠤ ᠪᠥᠬᠡᠴᠦᠳ ᠦᠨ ᠪᠠᠷᠢᠯᠳᠤᠭᠠᠨ ᠢ ᠡᠨᠡ ᠰᠠᠷ᠎ᠠ ᠶᠢᠨ 26 ᠍ ᠳᠦ ᠵᠣᠬᠢᠶᠠᠨ ᠪᠠᠶᠢᠭᠤᠯᠵᠤ᠂ ᠪᠠᠷᠢᠯᠳᠤᠭᠰᠠᠨ ᠪᠥᠬᠡᠴᠦᠳ ᠲᠦ ᠴᠣᠯᠠ ᠣᠯᠭᠤᠨ᠎ᠠ᠃
ᠰᠡᠭᠦᠯ ᠦᠨ ᠦᠶ᠎ᠡ ᠳᠦ ᠪᠥᠬᠡᠴᠦᠳ ᠦᠨ ᠨᠠᠶᠢᠷᠠᠭ᠎ᠠ ᠭᠠᠵᠠᠷ ᠠᠪᠤᠭᠰᠠᠨ ᠤ ᠤᠯᠠᠮ ᠠᠴᠠ ᠦᠨᠳᠦᠰᠦᠨ ᠦ ᠪᠥᠬᠡ ᠶᠢᠨ ᠪᠠᠷᠢᠯᠳᠤᠭᠠᠨ ᠤ ᠨᠡᠷ᠎ᠡ ᠬᠦᠨᠳᠦ ᠳᠦ ᠮᠠᠭᠤ ᠪᠠᠷ ᠨᠥᠯᠦᠭᠡᠯᠡᠵᠦ ᠪᠠᠶᠢᠭ᠎ᠠ ᠭᠡᠨ᠎ᠡ᠃ ᠡᠶᠢᠮᠦ ᠡᠴᠡ ᠥᠩᠭᠡᠷᠡᠭᠰᠡᠨ ᠵᠢᠯ ᠮᠥᠷᠡᠨ ᠰᠤᠮᠤ ᠶᠢᠨ ᠵᠠᠰᠠᠭ ᠳᠠᠷᠤᠭ᠎ᠠ ᠶᠢᠨ ᠵᠥᠪᠯᠡᠯ ᠦᠨ ᠬᠤᠷᠠᠯ ᠢᠶᠠᠷ ᠮᠥᠷᠡᠨ ᠰᠤᠮᠤ ᠶᠢᠨ ᠢᠷᠭᠡᠳ ᠪᠣᠯᠤᠨ ᠵᠠᠯᠠᠭᠤᠰ ᠠᠴᠠ ᠭᠠᠷᠭᠠᠭᠰᠠᠨ ᠨᠠᠶᠢᠷᠠᠭ᠎ᠠ ᠦᠭᠡᠢ ᠪᠠᠷᠢᠯᠳᠤᠭᠠᠨ ᠪᠤᠢ ᠪᠣᠯᠭᠠᠬᠤ ᠰᠠᠨᠠᠯ ᠰᠠᠨᠠᠭᠠᠴᠢᠯᠭ᠎ᠠ ᠶᠢ ᠦᠨᠳᠦᠰᠦᠯᠡᠨ ᠵᠠᠰᠠᠭ ᠵᠠᠬᠢᠷᠭ᠎ᠠ ᠨᠤᠲᠤᠭ ᠳᠡᠪᠢᠰᠬᠡᠷ ᠦᠨ ᠲᠤᠬᠠᠢ ᠬᠠᠤᠯᠢ᠂ ᠪᠥᠬᠡ ᠶᠢᠨ ᠬᠣᠯᠪᠣᠭᠠᠨ ᠤ ᠳᠦᠷᠢᠮ ᠢ ᠬᠠᠷᠠᠭᠠᠯᠵᠠᠨ ᠦᠵᠡᠵᠦ ᠤᠯᠤᠰ ᠲᠤᠩᠬᠠᠭᠯᠠᠭᠰᠠᠨ ᠤ ᠪᠠᠶᠠᠷ ᠤᠨ ᠡᠳᠦᠷ ᠬᠠᠷᠴᠠᠭᠠᠢ᠂ ᠨᠠᠴᠢᠨ ᠴᠣᠯᠠ ᠲᠠᠢ ᠪᠣᠯᠤᠨ ᠵᠠᠯᠠᠭᠤ ᠪᠥᠬᠡᠴᠦᠳ ᠦᠨ ᠪᠠᠷᠢᠯᠳᠤᠭᠠᠨ ᠢ ᠵᠣᠬᠢᠶᠠᠨ ᠪᠠᠶᠢᠭᠤᠯᠬᠤ ᠪᠠᠷ ᠰᠢᠢᠳᠪᠦᠷᠢᠯᠡᠭᠰᠡᠨ︾ ᠭᠡᠳᠡᠭ ᠢ ᠮᠥᠷᠡᠨ ᠰᠤᠮᠤ ᠶᠢᠨ ᠡᠷᠡᠭᠦᠯ ᠮᠡᠨᠳᠦ ᠨᠡᠶᠢᠲᠡ ᠶᠢᠨ ᠪᠡᠶ᠎ᠡ ᠶᠢᠨ ᠲᠠᠮᠢᠷ ᠬᠠᠷᠢᠭᠤᠴᠠᠭᠰᠠᠨ ᠮᠡᠷᠭᠡᠵᠢᠯᠲᠡᠨ ᠳ∙ᠮᠥᠩᠬᠡᠰᠠᠶᠠᠲᠠᠨ ᠬᠡᠯᠡᠵᠦ ᠪᠠᠶᠢᠯ᠎ᠠ᠃ ᠲᠤᠰ ᠪᠠᠷᠢᠯᠳᠤᠭᠠᠨ ᠳᠤ 128 ᠪᠥᠬᠡ ᠵᠣᠳᠣᠭᠯᠠᠬᠤ ᠪᠥᠭᠡᠳ ᠲᠦᠷᠦᠭᠦᠯᠡᠭᠰᠡᠨ ᠪᠥᠬᠡ ᠰᠤᠮᠤ ᠶᠢᠨ ᠵᠠᠭᠠᠨ ᠴᠣᠯᠠ᠂ ᠦᠵᠦᠭᠦᠷᠯᠡᠭᠰᠡᠨ ᠪᠥᠬᠡ ᠰᠤᠮᠤ ᠶᠢᠨ ᠬᠠᠷᠴᠠᠭᠠᠢ᠂ ᠴᠣᠯᠠ ᠦᠭᠡᠢ ᠪᠥᠬᠡ 5 ᠳᠠᠪᠠᠪᠠᠯ ᠰᠤᠮᠤ ᠶᠢᠨ ᠨᠠᠴᠢᠨ ᠴᠣᠯᠠ ᠬᠦᠷᠲᠡᠬᠦ ᠠᠵᠡᠢ᠃