ᠢᠷᠠᠭᠤ ᠨᠠᠶᠢᠷᠠᠭᠴᠢ ᠳᠤ ᠵᠣᠷᠢᠭᠤᠯᠤᠭᠰᠠᠨ ᠬᠠᠨᠳᠢᠪ ᠤᠨ ᠲᠣᠭᠯᠠᠯᠲᠠ ᠪᠣᠯᠤᠨ᠎ᠠ | News.MN

ᠢᠷᠠᠭᠤ ᠨᠠᠶᠢᠷᠠᠭᠴᠢ ᠳᠤ ᠵᠣᠷᠢᠭᠤᠯᠤᠭᠰᠠᠨ ᠬᠠᠨᠳᠢᠪ ᠤᠨ ᠲᠣᠭᠯᠠᠯᠲᠠ ᠪᠣᠯᠤᠨ᠎ᠠ

ᠬᠥᠪᠰᠥᠭᠥᠯ ᠠᠶᠢᠮᠠᠭ ᠤᠨ ᠤᠤᠭᠠᠯ ︽ᠪᠣᠯᠣᠷ ᠴᠣᠮᠣ︾ ᠨᠠᠭᠠᠳᠤᠮ ᠤᠨ 2015 ᠣᠨ ᠤ ᠡᠵᠡᠨ ᠢᠷᠠᠭᠤ ᠨᠠᠶᠢᠷᠠᠭᠴᠢ ᠪ ᠂ ᠮᠢᠭᠮᠠᠷᠵᠠᠪ ᠲᠤ ᠵᠣᠷᠢᠭᠤᠯᠤᠭᠰᠠᠨ ︽ᠡᠵᠢ ᠶᠢᠨ ᠴᠡᠩᠬᠡᠷ ᠨᠤᠲᠤᠭ︾ᠤᠷᠠᠨ ᠪᠦᠲᠦᠭᠡᠯ ᠦᠨ ᠬᠠᠨᠳᠢᠪ ᠤᠨ ᠲᠣᠭᠯᠠᠯᠲᠠ ᠥᠨᠥᠳᠥᠷ Ub palace ᠍ ᠦᠨ ᠺᠣᠨᠼᠧᠷᠲ ᠤᠨ ᠶᠡᠬᠡ ᠲᠠᠩᠬᠢᠮ ᠳᠤ ᠪᠣᠯᠤᠨ᠎ᠠ᠃ ᠲᠡᠷᠡ ᠪᠡᠷ ᠬᠦᠨᠳᠦ ᠡᠪᠡᠳᠴᠢᠨ ᠦ ᠤᠯᠠᠮ ᠠᠴᠠ ᠭᠠᠳᠠᠭᠠᠳᠤ ᠳᠤ ᠡᠮᠴᠢᠯᠡᠭᠡ ᠬᠢᠯᠭᠡᠬᠦ ᠱᠠᠭᠠᠷᠳᠠᠯᠭ᠎ᠠ ᠲᠠᠢ ᠪᠣᠯᠤᠭᠰᠠᠨ ᠲᠤᠯᠠ ᠲᠣᠭᠯᠠᠯᠲᠠ ᠶᠢ ︽ᠬᠥᠪᠰᠥᠭᠥᠯ ᠨᠢᠭᠡ ᠦᠶ᠎ᠡ︾ ᠺᠯᠦ᠋ᠪ  ᠷᠢᠨᠴᠢᠨᠯᠾᠠᠮᠪᠤ ᠰᠤᠮᠤ ᠶᠢᠨ ᠨᠤᠲᠤᠭ ᠤᠨ ᠵᠥᠪᠯᠡᠯ ᠲᠡᠢ ᠬᠠᠮᠲᠤᠷᠠᠨ ᠵᠣᠬᠢᠶᠠᠨ ᠪᠠᠶᠢᠭᠤᠯᠵᠤ ᠪᠠᠶᠢᠨ᠎ᠠ᠃ ᠤᠳᠬ᠎ᠠ ᠵᠣᠬᠢᠶᠠᠯ ᠤᠨ ᠬᠦᠷᠢᠶᠡᠨ ᠦ ᠬᠢᠨ ᠳᠤᠮᠳᠠ ᠪᠠᠨ ︽ᠳᠠᠷᠬᠠᠳ ᠮᠢᠭ᠎ᠠ︾ ᠬᠡᠮᠡᠨ ᠨᠡᠷᠡᠯᠡᠭᠳᠡᠭᠰᠡᠨ ᠲᠡᠭᠦᠨ ᠦ ᠰᠢᠯᠦᠭ ᠦᠳ ᠡᠴᠡ ᠬᠥᠪᠰᠥᠭᠥᠯ ᠦᠨ ᠵᠡᠷᠯᠢᠭ ᠵᠢᠮᠢᠰ᠂ ᠠᠭᠤᠯᠠᠰ ᠤᠨ ᠬᠥᠭ ᠠᠶᠠᠯᠭᠤ ᠦᠨᠦᠷᠲᠦᠳᠡᠭ ᠭᠡᠵᠦ ᠦᠵᠦᠭ ᠨᠢᠭᠡᠲᠦ ᠨᠥᠬᠥᠳ ᠨᠢ ᠬᠡᠯᠡᠳᠡᠭ᠃

ᠰᠡᠳᠬᠢᠭᠳᠡᠯ ᠦᠯᠡᠳᠡᠭᠡᠬᠦ