《ᠭᠣᠶᠣᠯ 2019 》 ᠨᠠᠭᠠᠳᠤᠮ ᠡᠨᠡ ᠰᠠᠷ᠎ᠠ ᠶᠢᠨ 26 ᠍ ᠠᠴᠠ ᠡᠬᠢᠯᠡᠬᠦ ᠭᠡᠵᠦ ᠪᠠᠶᠢᠨ᠎ᠠ ᠃ Mongolian fashion week 11 ᠳ᠋ᠤᠭᠡᠷ ᠰᠠᠷ᠎ᠠ ᠶᠢᠨ 26᠂ 27᠂ 28 ᠍ ᠳᠦ ᠪᠣᠯᠤᠨ᠎ᠠ᠃ ᠡᠨᠡ ᠵᠢᠯ ᠦᠨ ᠨᠠᠭᠠᠳᠤᠮ ᠳᠤ 80 ᠣᠷᠴᠢᠮ ᠵᠠᠭᠪᠤᠷ ᠡᠮᠦᠰᠦᠭᠴᠢ ᠣᠷᠣᠯᠴᠠᠵᠤ᠂ ᠳ᠋ᠢᠽᠠᠶᠢᠨᠧᠷ ᠤᠳ ᠤᠨ ᠤᠷᠠᠯᠠᠭᠰᠠᠨ ᠰᠢᠨ᠎ᠡ ᠪᠷᠠᠨᠳ᠋ ᠦᠳ ᠢ ᠲᠠᠶᠢᠰᠠᠨ᠎ᠠ ᠠᠮᠢᠯᠠᠭᠤᠯᠤᠨ᠎ᠠ᠃ ᠮᠥᠨ ᠲᠣᠫ ᠮᠣᠳᠧᠯ ᠲ∙ᠲᠤᠶᠠᠭᠠᠮᠠ ᠂ ᠣ᠊∙ᠤᠶᠠᠩᠭ᠎ᠠ᠂ ᠡ᠊∙ᠰᠡᠯᠡᠩᠭᠡ᠂ ᠣ᠊∙ᠫᠦᠷᠪᠦᠳᠤᠯᠮᠠ᠂ ᠬ∙ᠪᠠᠳᠮᠭᠡᠷᠡᠯ᠂ ᠭ∙ᠦᠷᠠᠨᠴᠡᠴᠡᠭ᠂ ᠴ∙ᠤᠨᠳᠤᠷᠬᠤ ᠨᠠᠷ ᠤᠷᠤᠯᠴᠠᠬᠤ ᠶᠤᠮ ᠪᠠᠶᠢᠨ᠎ᠠ᠃
ᠮᠣᠩᠭᠣᠯ ᠤᠨ ᠰᠢᠨ᠎ᠡ ᠪᠷᠠᠨᠳ᠋ ᠤᠳ ᠂ ᠰᠢᠨ᠎ᠡ ᠳ᠋ᠢᠽᠠᠶᠢᠨᠧᠷ ᠤᠳ ᠣᠷᠣᠯᠴᠠᠵᠤ ᠪᠠᠶᠢᠭ᠎ᠠ ᠨᠢ ᠭᠣᠶᠣᠯ ᠨᠠᠭᠠᠳᠤᠮ ᠤᠨ ᠡᠨᠡ ᠵᠢᠯ ᠦᠨ ᠣᠨᠴᠠᠯᠢᠭ ᠶᠤᠮ ᠭᠡᠵᠦ ︽ᠰᠢᠯᠢᠮᠡᠯ ᠵᠠᠭᠪᠤᠷ︾ ᠺᠣᠮᠫᠠᠨᠢ ᠶᠢᠨ ᠶᠡᠷᠦᠩᠬᠡᠢ ᠵᠠᠬᠢᠷᠤᠯ ᠴ∙ᠣᠶᠤᠨᠴᠡᠴᠡᠭ ᠣᠨᠴᠠᠯᠠᠨ ᠬᠡᠯᠡᠵᠦ ᠪᠤᠢ᠃