ᠶᠠᠫᠣᠨ᠂ ᠤᠮᠠᠷᠠᠳᠤ ᠰᠣᠯᠣᠩᠭᠣᠰ ᠤᠨ ᠲᠠᠩᠨᠠᠭᠤᠯ ᠤᠨ ᠬᠢᠨ ᠮᠣᠩᠭᠣᠯ  ᠳᠤ ᠠᠭᠤᠯᠵᠠᠵᠠᠢ | News.MN

ᠶᠠᠫᠣᠨ᠂ ᠤᠮᠠᠷᠠᠳᠤ ᠰᠣᠯᠣᠩᠭᠣᠰ ᠤᠨ ᠲᠠᠩᠨᠠᠭᠤᠯ ᠤᠨ ᠬᠢᠨ ᠮᠣᠩᠭᠣᠯ  ᠳᠤ ᠠᠭᠤᠯᠵᠠᠵᠠᠢ

ᠶᠠᠫᠤᠨ ᠤ ᠶᠡᠷᠦᠩᠬᠡᠢ ᠰᠠᠶᠢᠳ  ᠰᠢᠨᠽᠤ᠋ ᠠᠪᠸ  ᠶᠢᠨ ᠰᠢᠭᠤᠳ ᠤᠳᠤᠷᠢᠳᠤᠯᠭ᠎ᠠ ᠳᠣᠣᠷ᠎ᠠ ᠪᠠᠶᠢᠳᠠᠭ ᠲᠠᠩᠨᠠᠭᠤᠯ᠂ ᠰᠤᠳᠤᠯᠭᠠᠨ ᠤ ᠭᠠᠵᠠᠷ ᠤᠨ ᠳᠠᠷᠤᠭ᠎ᠠ ᠰᠢᠭᠢᠷᠦ ᠺᠢᠲ᠋ᠠᠮᠤᠷᠠ  ᠶᠢᠨ ᠲᠡᠷᠢᠭᠦᠯᠡᠭᠰᠡᠨ ᠶᠠᠫᠣᠨ ᠤ  ᠲᠠᠩᠨᠠᠭᠤᠯᠴᠢᠳ  ᠤᠮᠠᠷᠠᠳᠤ ᠰᠤᠯᠤᠩᠭᠤᠰ ᠤᠨ ᠡᠷᠬᠡ ᠪᠠᠷᠢᠭᠴᠢ ᠰᠣᠯᠣᠩᠭᠣᠰ ᠤᠨ ᠬᠥᠳᠡᠯᠮᠦᠷᠢᠴᠢᠳ ᠦᠨ ᠨᠠᠮ ᠤᠨ ᠨᠢᠭᠡᠳᠦᠭᠰᠡᠨ ᠹᠷᠣᠨᠲ ᠬᠡᠯᠲᠡᠰ ᠦᠨ ᠳᠠᠷᠤᠭ᠎ᠠ ᠺᠢᠮ ᠰᠣᠨ ᠬᠡ  ᠠᠬᠠᠯᠠᠭᠰᠠᠨ ᠲᠠᠩᠨᠠᠭᠤᠯᠴᠢᠳ ᠲᠠᠢ ᠮᠤᠩᠭᠤᠯ ᠳᠦ ᠠᠭᠤᠯᠵᠠᠭᠰᠠᠨ ᠪᠠᠶᠢᠨ᠎ᠠ ᠃  ᠬᠤᠶᠠᠷ ᠲᠠᠯ᠎ᠠ ᠶᠠᠫᠣᠨ ᠤ ᠬᠤᠯᠠᠭᠠᠶᠢᠯᠠᠭᠳᠠᠭᠰᠠᠨ ᠢᠷᠭᠡᠳ ᠦᠨ ᠢᠶᠡᠨ ᠠᠰᠠᠭᠤᠳᠠᠯ ᠢ ᠶᠠᠷᠢᠯᠴᠠᠭᠰᠠᠨ ᠠᠴᠠ ᠭᠠᠳᠠᠨ᠎ᠠ ᠰᠢᠨᠽᠤ᠋ ᠠᠪᠸ ᠂ ᠺᠢᠮ ᠵᠣᠩ ᠤᠨ ᠨᠠᠷ ᠤᠨ ᠠᠭᠤᠯᠵᠠᠯᠲᠠ ᠶᠢ ᠵᠣᠬᠢᠶᠠᠨ ᠪᠠᠶᠢᠭᠤᠯᠬᠤ ᠪᠣᠯᠤᠮᠵᠢ ᠶᠢ ᠬᠡᠯᠡᠯᠴᠡᠭᠰᠡᠨ ᠭᠡᠨ᠎ᠡ᠃  ᠠᠷᠪᠠᠳᠤᠭᠠᠷ ᠰᠠᠷ᠎ᠠ ᠳᠤ ᠮᠥᠨ ᠶᠠᠫᠣᠨ᠂ ᠤᠮᠠᠷᠠᠳᠤ ᠰᠣᠯᠣᠩᠭᠣᠰ ᠤᠨ ᠲᠠᠩᠨᠠᠭᠤᠯ ᠤᠨ ᠠᠯᠪᠠᠨ ᠤ ᠬᠢᠨ ᠤᠯᠠᠭᠠᠨᠪᠠᠭᠠᠲᠤᠷ  ᠬᠤᠲᠠ ᠳᠤ ᠠᠭᠤᠯᠵᠠᠭᠰᠠᠨ ᠲᠤᠬᠠᠢ ᠬᠡᠪᠯᠡᠯ ᠦᠳ ᠮᠡᠳᠡᠭᠡᠯᠡᠵᠦ ᠪᠠᠶᠢᠪᠠ᠃
ᠡᠬᠢ ᠰᠤᠷᠪᠤᠯᠵᠢ᠄ Fuji News Network

ᠰᠡᠳᠬᠢᠭᠳᠡᠯ ᠦᠯᠡᠳᠡᠭᠡᠬᠦ