ᠪᠡᠶ᠎ᠡ ᠵᠠᠰᠠᠬᠤ ᠭᠡᠵᠦ ᠪᠠᠭᠤᠭᠠᠳ ᠰᠤᠷᠠᠭ ᠦᠭᠡᠢ ᠪᠤᠯᠵᠠᠢ | News.MN

ᠪᠡᠶ᠎ᠡ ᠵᠠᠰᠠᠬᠤ ᠭᠡᠵᠦ ᠪᠠᠭᠤᠭᠠᠳ ᠰᠤᠷᠠᠭ ᠦᠭᠡᠢ ᠪᠤᠯᠵᠠᠢ

ᠰᠡᠯᠡᠩᠭᠡ ᠠᠶᠢᠮᠠᠭ ᠤᠨ ᠪᠠᠶᠠᠩᠭᠤᠤᠯ ᠰᠤᠮᠤ ᠶᠢᠨ ᠪᠠᠶᠠᠨ ᠪᠠᠭ ᠤᠨ ᠨᠤᠲᠤᠭ ᠬᠤᠰᠤᠲᠠᠢ ᠶᠢᠨ ᠳᠠᠪᠠᠭᠠᠨ ᠳᠤ ᠡᠨᠡ ᠰᠠᠷ᠎ᠠ ᠶᠢᠨ 12 ᠍ ᠤ ᠡᠳᠦᠷ ᠳᠠᠷᠬᠠᠨ-ᠠᠭᠤᠯᠠ ᠠᠶᠢᠮᠠᠭ ᠠᠴᠠ ᠤᠯᠠᠭᠠᠨᠪᠠᠭᠠᠲᠤᠷ ᠬᠣᠲᠠ ᠶᠢᠨ ᠴᠢᠭᠯᠡᠯ ᠳᠦ ︽ᠫᠷᠢᠤᠰ 11︾ ᠵᠠᠭᠪᠤᠷ ᠤᠨ ᠰᠠᠭᠤᠳᠠᠯ ᠤᠨ  ᠠᠦ᠋ᠲ᠋ᠤ᠋ ᠮᠠᠰᠢᠨ ᠳᠤ ᠵᠣᠷᠴᠢᠵᠤ ᠶᠠᠪᠤᠭᠰᠠᠨ 47 ᠨᠠᠰᠤᠲᠠᠢ ᠡᠷᠡᠭᠲᠡᠢ A ᠪᠡᠶ᠎ᠡ ᠵᠠᠰᠠᠬᠤ ᠭᠡᠵᠦ ᠪᠠᠭᠤᠭᠠᠳ ᠰᠤᠷᠠᠭ ᠦᠭᠡᠢ ᠠᠯᠠᠭ᠎ᠠ ᠪᠣᠯᠤᠭᠰᠠᠨ ᠪᠠᠶᠢᠳᠠᠭ᠃ ᠲᠡᠭᠦᠨ ᠢ ᠠᠯᠠᠭ᠎ᠠ ᠪᠣᠯᠤᠭᠰᠠᠨ ᠳᠠᠭᠤᠳᠠᠯᠭ᠎ᠠ ᠲᠤᠬᠠᠢ ᠶᠢᠨ ᠡᠳᠦᠷ ᠦᠨ 22.33 ᠴᠠᠭ ᠲᠤ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠲᠤ ᠪᠦᠷᠢᠳᠬᠡᠭᠳᠡᠵᠡᠢ᠃ ᠢᠩᠭᠢᠭᠡᠳ ᠭᠠᠯ ᠲᠦᠢᠮᠡᠷ ᠤᠨᠲᠠᠷᠠᠭᠠᠬᠤ᠂ ᠠᠪᠤᠷᠠᠬᠤ 40  ᠳ᠋ᠤᠭᠡᠷ ᠠᠩᠬᠢ ᠶᠢᠨ ᠳᠣᠯᠣᠭᠠᠨ ᠠᠯᠪᠠ ᠬᠠᠭᠠᠭᠴᠢ᠂ ᠴᠠᠭᠳᠠᠭ᠎ᠠ ᠶᠢᠨ ᠬᠡᠯᠲᠡᠰ ᠦᠨ ᠳᠥᠷᠪᠡᠨ ᠠᠯᠪᠠ ᠬᠠᠭᠠᠭᠴᠢ ᠬᠤᠰᠤᠲᠠᠢ ᠶᠢᠨ ᠳᠠᠪᠠᠭ᠎ᠠ ᠠᠴᠠ ᠤᠷᠳᠤ ᠵᠦᠭ ᠲᠦ 32 ᠺᠢᠯᠣᠮᠧᠲ᠋ᠷ ᠳᠦ ᠡᠷᠢᠨ ᠬᠠᠶᠢᠬᠤ ᠠᠵᠢᠯᠯᠠᠭ᠎ᠠ ᠶᠢ ᠵᠣᠬᠢᠶᠠᠨ ᠪᠠᠶᠢᠭᠤᠯᠤᠭᠰᠠᠨ ᠪᠠᠶᠢᠨ᠎ᠠ᠃ ᠥᠴᠥᠭᠡᠳᠦᠷ ︵2018.11.13︶ ᠡᠳᠦᠷ ᠦᠨ 12᠄17 ᠴᠠᠭ ᠲᠤ ᠰᠤᠷᠠᠭ ᠦᠭᠡᠢ ᠪᠣᠯᠤᠭᠰᠠᠨ ᠢᠷᠭᠡᠨA ᠨᠢ ᠤᠯᠠᠭᠠᠨᠪᠠᠭᠠᠲᠤᠷ ᠬᠣᠲᠠ ᠶᠢᠨ ᠴᠢᠭᠯᠡᠯ ᠳᠦ ︽ᠤᠷᠢᠬᠠᠨ︾ ᠵᠣᠭᠣᠭ ᠤᠨ ᠭᠠᠵᠠᠷ ᠳᠡᠭᠡᠷ᠎ᠡ ᠡᠰᠡᠨ ᠮᠡᠨᠳᠦ ᠶᠠᠪᠤᠵᠤ ᠪᠠᠶᠢᠨ᠎ᠠ᠂ ᠥᠪᠡᠷ ᠢᠶᠡᠨ ᠨᠠᠳᠠ ᠲᠠᠢ ᠬᠣᠯᠪᠣᠭᠳᠠᠯ᠎ᠠ ᠭᠡᠵᠦ ᠲᠦᠷᠦᠭᠰᠡᠨ ᠠᠬ᠎ᠠ ᠪᠣᠯᠬᠤ D ᠨᠢ ᠲᠤᠰ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠲᠤ ᠮᠡᠳᠡᠭᠳᠡᠵᠡᠢ᠃

ᠰᠡᠳᠬᠢᠭᠳᠡᠯ ᠦᠯᠡᠳᠡᠭᠡᠬᠦ