ᠶᠡᠷᠦᠩᠬᠡᠢ ᠠᠦ᠋ᠳᠢᠲ᠋ᠣᠷ ᠠᠵᠢᠯ ᠢᠶᠠᠨ ᠬᠦᠯᠢᠶᠡᠯᠭᠡᠵᠦ ᠦᠭᠭᠦᠨ᠎ᠡ | News.MN

ᠶᠡᠷᠦᠩᠬᠡᠢ ᠠᠦ᠋ᠳᠢᠲ᠋ᠣᠷ ᠠᠵᠢᠯ ᠢᠶᠠᠨ ᠬᠦᠯᠢᠶᠡᠯᠭᠡᠵᠦ ᠦᠭᠭᠦᠨ᠎ᠡ

ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠦᠨᠳᠦᠰᠦᠨ ᠦ ᠠᠦ᠋ᠳᠢᠲ ᠤᠨ ᠭᠠᠵᠠᠷ ᠤᠨ ᠳᠠᠷᠤᠭ᠎ᠠ᠂ ᠮᠣᠩᠭᠣᠯ ᠤᠯᠤᠰ ᠤᠨ ᠶᠡᠷᠦᠩᠬᠡᠢ ᠠᠦ᠋ᠳᠢᠲ᠋ᠣᠷ ᠳ∙ᠬᠦᠷᠡᠯᠪᠠᠭᠠᠲᠤᠷ ᠢ ᠳᠠᠭᠤᠳᠠᠨ ᠠᠭᠤᠯᠵᠠᠵᠤ᠂ ᠠᠯᠪᠠᠨ ᠲᠤᠰᠢᠶᠠᠯ ᠢᠶᠠᠨ ᠥᠭᠬᠦ ᠶᠢ ᠱᠠᠭᠠᠷᠳᠠᠭᠰᠠᠨ ᠪᠠᠶᠢᠨ᠎ᠠ᠃
ᠮ∙ᠡᠩᠬᠡᠪᠣᠯᠤᠳ ᠄ ᠶᠠᠳᠠᠭᠤᠷᠠᠯ ᠢ ᠪᠠᠭᠤᠷᠠᠭᠤᠯᠬᠤ᠂ ᠠᠵᠢᠯ ᠤᠨ ᠪᠠᠶᠢᠷᠢ ᠪᠤᠢ ᠪᠣᠯᠭᠠᠬᠤ᠂ ᠵᠢᠵᠢᠭ ᠳᠤᠮᠳᠠ ᠦᠢᠯᠡᠳᠪᠦᠷᠢᠯᠡᠯ ᠦᠨ ᠬᠥᠭᠵᠢᠯ ᠢ ᠳᠡᠮᠵᠢᠬᠦ ᠵᠣᠷᠢᠭᠤᠯᠤᠯᠲᠠ ᠲᠠᠢ᠂ ᠢᠷᠭᠡᠳ᠂ ᠵᠢᠵᠢᠭ ᠠᠵᠤ ᠠᠬᠤᠢ ᠡᠷᠬᠢᠯᠡᠭᠴᠢᠳ ᠲᠦ ᠵᠣᠷᠢᠭᠤᠯᠤᠭᠰᠠᠨ ᠵᠢᠭᠡᠯᠡ ᠡᠴᠡ ᠲᠥᠷᠥ ᠶᠢᠨ ᠥᠨᠳᠥᠷ ᠠᠯᠪᠠᠨ ᠲᠤᠰᠢᠶᠠᠯᠲᠠᠨ ᠨᠤᠭᠤᠳ ᠡᠷᠬᠡ ᠮᠡᠳᠡᠯ ᠢᠶᠡᠨ ᠠᠰᠢᠭᠯᠠᠨ ᠶᠡᠬᠡ ᠬᠡᠮᠵᠢᠶ᠎ᠡ ᠪᠡᠷ ᠠᠪᠤᠭᠰᠠᠨ ᠠᠰᠠᠭᠤᠳᠠᠯ ᠢᠶᠠᠷ ᠢᠷᠭᠡᠳ᠂ ᠣᠯᠠᠨ ᠨᠡᠶᠢᠲᠡ ᠶᠡᠬᠡᠬᠡᠨ ᠰᠢᠭᠦᠮᠵᠢᠯᠡᠯ ᠲᠡᠢ ᠬᠠᠨᠳᠤᠵᠤ ᠪᠠᠶᠢᠭ᠎ᠠ ᠶᠢ ᠲᠠ ᠮᠡᠳᠡᠵᠦ ᠪᠠᠶᠢᠭ᠎ᠠ᠃  ᠵᠢᠭᠡᠯᠡ ᠠᠪᠤᠭᠰᠠᠨ ᠲᠥᠷᠥ ᠶᠢᠨ ᠠᠯᠪᠠᠨ ᠲᠤᠰᠢᠶᠠᠯᠲᠠᠨ ᠨᠤᠭᠤᠳ ᠲᠤ ᠬᠠᠷᠢᠭᠤᠴᠠᠯᠭ᠎ᠠ ᠲᠣᠭᠠᠴᠠᠬᠤ ᠶᠢ ᠱᠠᠭᠠᠷᠳᠠᠵᠤ᠂ ᠪᠢᠴᠢᠭ ᠵᠠᠬᠢᠳᠠᠯ ᠬᠦᠷᠲᠡᠯ᠎ᠡ ᠣᠯᠠᠨ ᠢᠶᠠᠷ ᠢᠷᠡᠭᠦᠯᠵᠦ ᠪᠠᠶᠢᠨ᠎ᠠ᠃  ᠪᠢ ᠡᠭᠦᠨ ᠢ ᠰᠢᠳᠤᠷᠭᠤ ᠱᠠᠭᠠᠷᠳᠠᠯᠭ᠎ᠠ ᠭᠡᠵᠦ ᠦᠵᠡᠵᠦ ᠪᠠᠶᠢᠨ᠎ᠠ᠃ ᠠᠯᠪᠠᠨ ᠲᠤᠰᠢᠶᠠᠯ᠂ ᠡᠷᠬᠡ ᠮᠡᠳᠡᠯ ᠢᠶᠡᠨ ᠠᠰᠢᠭᠯᠠᠵᠤ᠂ ᠥᠪᠡᠷ ᠦᠨ ᠬᠠᠮᠢᠶᠠᠷᠤᠯ ᠪᠦᠬᠦᠢ ᠺᠣᠮᠫᠠᠨᠢ ᠳᠤ ᠶᠡᠬᠡ ᠬᠡᠮᠵᠢᠶᠡᠨ ᠦ ᠵᠢᠭᠡᠯᠡ ᠠᠪᠤᠭᠰᠠᠨ ᠪᠠᠶᠢᠵᠤ ᠪᠣᠯᠵᠣᠰᠢ ᠦᠭᠡᠢ ᠦᠢᠯᠡᠳᠦᠯ ᠳᠦ ᠤᠯᠤᠰ ᠤᠨ ᠶᠡᠬᠡ ᠬᠤᠷᠠᠯ ᠤᠨ ᠳᠡᠷᠭᠡᠳᠡᠬᠢ ᠪᠠᠶᠢᠭᠤᠯᠤᠯᠭ᠎ᠠ ᠦᠨᠳᠦᠰᠦᠨ ᠦ ᠠᠦ᠋ᠳᠢᠲ ᠤᠨ ᠭᠠᠵᠠᠷ ᠤᠨ ᠳᠠᠷᠤᠭ᠎ᠠ ᠲᠠᠨ ᠤ ᠨᠡᠷ᠎ᠡ ᠬᠣᠯᠪᠣᠭᠳᠠᠭᠰᠠᠨ᠃ ᠲᠡᠶᠢᠮᠦ ᠡᠴᠡ ᠲᠠ ᠬᠠᠷᠢᠭᠤᠴᠠᠯᠭ᠎ᠠ ᠬᠦᠯᠢᠶᠡᠬᠦ ᠶᠣᠰᠣᠲᠠᠢ᠃ ᠪᠢ ᠲᠠᠨ ᠢ ᠡᠨᠡ ᠠᠯᠪᠠᠨ ᠲᠤᠰᠢᠶᠠᠯ ᠢ ᠬᠠᠰᠢᠬᠤ ᠶᠣᠰᠣ ᠵᠦᠢ ᠶᠢᠨ ᠡᠷᠬᠡ ᠦᠭᠡᠢ ᠭᠡᠵᠦ ᠦᠵᠡᠭᠡᠳ ᠡᠷᠭᠦᠳᠡᠯ ᠢᠶᠡᠨ ᠥᠭᠬᠦ ᠶᠢ ᠱᠠᠭᠠᠷᠳᠠᠵᠤ ᠪᠠᠶᠢᠨ᠎ᠠ ᠭᠡᠵᠡᠢ᠃  ᠶᠡᠷᠦᠩᠬᠡᠢ ᠠᠦ᠋ᠳᠢᠲ᠋ᠣᠷ ᠳ∙ᠬᠦᠷᠡᠯᠪᠠᠭᠠᠲᠤᠷ ᠬᠠᠮᠢᠶᠠᠷᠤᠯ ᠪᠦᠬᠦᠢ ᠺᠣᠮᠫᠠᠨᠢ᠂ ᠠᠪᠤᠭᠰᠠᠨ ᠵᠢᠭᠡᠯᠡ ᠶᠢᠨ ᠢᠶᠡᠨ ᠲᠠᠯ᠎ᠠ ᠪᠠᠷ ᠲᠣᠪᠴᠢ ᠲᠠᠶᠢᠯᠪᠤᠷᠢᠯᠠᠭᠠᠳ᠂ ᠢᠷᠭᠡᠳ ᠣᠯᠠᠨ ᠲᠦᠮᠡᠨ ᠪᠣᠯᠤᠨ ᠲᠠᠨ ᠤ ᠱᠠᠭᠠᠷᠳᠠᠯᠭ᠎ᠠ ᠶᠢ ᠬᠦᠨᠳᠦᠳᠭᠡᠵᠦ ᠪᠠᠶᠢᠨ᠎ᠠ᠃ ᠣᠶᠢᠷ᠎ᠠ ᠶᠢᠨ ᠦᠶ᠎ᠡ ᠳᠦ ᠡᠷᠭᠦᠳᠡᠯ ᠢᠶᠡᠨ ᠥᠭᠬᠦ ᠪᠣᠯᠤᠨ᠎ᠠ ᠬᠡᠮᠡᠨ ᠬᠡᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ