ᠰᠦᠮᠣ᠋ ᠪᠥᠬᠡ ᠮᠤᠩᠭᠤᠯ ᠢ ᠳᠡᠯᠡᠬᠡᠢ ᠳ᠋ᠠᠬᠢᠨ ᠳᠤ ᠠᠯᠳᠠᠷᠰᠢᠭᠤᠯᠵᠤ ᠪᠠᠶᠢᠨ᠎ᠠ | News.MN

ᠰᠦᠮᠣ᠋ ᠪᠥᠬᠡ ᠮᠤᠩᠭᠤᠯ ᠢ ᠳᠡᠯᠡᠬᠡᠢ ᠳ᠋ᠠᠬᠢᠨ ᠳᠤ ᠠᠯᠳᠠᠷᠰᠢᠭᠤᠯᠵᠤ ᠪᠠᠶᠢᠨ᠎ᠠ

ᠮᠣᠩᠭᠣᠯ ᠬᠦᠮᠦᠨ ᠶᠠᠫᠣᠨ ᠤ ᠮᠡᠷᠭᠡᠵᠢᠯ ᠦᠨ ᠰᠦᠮᠣ᠋ ᠍ ᠳᠤ ᠪᠠᠷᠢᠯᠳᠤᠵᠤ ᠡᠬᠢᠯᠡᠭᠰᠡᠨ ᠦ 26 ᠵᠢᠯ᠂ ᠮᠣᠩᠭᠣᠯ ᠤᠨ ᠰᠦᠮᠣ᠋ ᠪᠥᠬᠡ ᠶᠢᠨ ᠬᠣᠯᠪᠣᠭ᠎ᠠ ᠪᠠᠶᠢᠭᠤᠯᠤᠭᠳᠠᠭᠰᠠᠨ ᠤ 25 ᠵᠢᠯ ᠦᠨ ᠣᠢ ᠡᠨᠡ ᠣᠨ ᠳᠤ ᠲᠣᠬᠢᠶᠠᠵᠤ ᠪᠠᠶᠢᠨ᠎ᠠ᠃ ᠥᠨᠥᠳᠥᠷ ᠺᠶᠣᠺᠦᠰᠶᠽᠠᠨ ᠳ∙ᠪᠠᠲᠤᠪᠠᠶᠠᠷ ᠄ ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ︽ᠣᠣᠰᠢᠮᠠ︾ ᠳᠡᠪᠵᠢᠭᠡᠨ ᠦ ᠪᠠᠭᠰᠢ 1992 ᠣᠨ ᠳᠤ ᠮᠣᠩᠭᠣᠯ ᠤᠯᠤᠰ ᠲᠤ ᠥᠪᠡᠷ ᠦᠨ ᠪᠡᠶ᠎ᠡ ᠪᠡᠷ ᠬᠦᠷᠦᠯᠴᠡᠨ ᠢᠷᠡᠵᠦ᠂ ᠰᠢᠯᠭᠠᠷᠠᠭᠤᠯᠤᠯᠲᠠ ᠶᠠᠪᠤᠭᠤᠯᠤᠨ ᠳ∙ᠪᠠᠲᠤᠪᠠᠶᠠᠷ᠂ ᠼ∙ᠪᠠᠲᠤᠵᠢᠷᠭᠠᠯ᠂ ᠱ∙ᠮᠥᠩᠬᠡᠪᠣᠯᠤᠳ᠂ ᠯ ∙ᠲᠦᠮᠡᠨᠳᠡᠮᠪᠡᠷᠢᠯ᠂ ᠨ∙ ᠴᠡᠪᠡᠭᠨᠢᠮ᠎ᠡ᠂ ᠪ∙ᠡᠩᠬᠡᠪᠠᠲᠤ  ᠶᠢ ᠰᠤᠩᠭᠤᠵᠤ ᠂ ᠮᠣᠩᠭᠣᠯᠴᠤᠳ ᠤᠨ ᠰᠦᠮᠣ᠋ ᠬᠡᠮᠡᠬᠦ ᠰᠢᠨ᠎ᠡ ᠰᠫᠣᠷᠲ ᠤᠨ ᠲᠡᠦᠬᠡ ᠶᠢᠨ ᠵᠠᠮᠨᠠᠯ ᠤᠨ ᠡᠬᠢᠯᠡᠯ ᠲᠠᠯᠪᠢᠭᠳᠠᠭᠰᠠᠨ ᠃  ︽ᠮᠣᠩᠭᠣᠯ ᠤᠨ ᠰᠦᠮᠣ᠋ ᠪᠥᠬᠡ ᠶᠢᠨ ᠬᠣᠯᠪᠣᠭ᠎ᠠ ︾ 25 ᠵᠢᠯ ᠦᠨ ᠬᠤᠭᠤᠴᠠᠭᠠᠨ ᠳᠤ 20 ᠭᠠᠷᠤᠢ ᠵᠠᠯᠠᠭᠤᠰ  ᠲᠤ ᠮᠡᠷᠭᠡᠵᠢᠯ ᠦᠨ ᠰᠦᠮᠣ᠋ ᠍ ᠳᠤ ᠤᠷᠤᠬᠤ ᠡᠭᠦᠳᠡ ᠬᠠᠭᠠᠯᠭ᠎ᠠ ᠶᠢ ᠨᠡᠭᠡᠭᠡᠵᠦ ᠥᠭᠴᠦ᠂ ᠶᠡᠬᠡ ᠠᠪᠤᠷᠭᠤ᠂ ᠠᠷᠰᠯᠠᠨ᠂ ᠵᠠᠭᠠᠨ ᠨᠤᠭᠤᠳ ᠲᠥᠷᠥᠨ ᠭᠠᠷᠴᠤ ᠮᠣᠩᠭᠣᠯ ᠤᠯᠤᠰ ᠤᠨ ᠨᠡᠷ᠎ᠡ ᠶᠢ ᠳᠡᠯᠡᠬᠡᠢ ᠳᠠᠬᠢᠨ ᠳᠤ ᠳᠠᠭᠤᠷᠢᠰᠬᠠᠵᠤ ᠪᠠᠶᠢᠨ᠎ᠠ ᠭᠡᠰᠡᠨ ᠶᠤᠮ᠃  ᠣᠳᠣ ᠪᠠᠷ ᠮᠣᠩᠭᠣᠯ ᠤᠯᠤᠰ ᠤᠨ ᠶᠢᠰᠦᠨ ᠰᠦᠮᠦᠴᠢ 14 ᠤᠳᠠᠭ᠎ᠠ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠦᠷᠦᠭᠦᠯᠡᠭᠰᠡᠨ ᠠᠮᠵᠢᠯᠲᠠ ᠲᠠᠢ ᠪᠠᠶᠢᠨ᠎ᠠ ᠃

ᠰᠡᠳᠬᠢᠭᠳᠡᠯ ᠦᠯᠡᠳᠡᠭᠡᠬᠦ