ᠠᠵᠠᠵᠠᠶᠠᠭ᠎ᠠ Miss Asia ᠲᠡᠮᠡᠴᠡᠭᠡᠨ ᠦ ᠲᠡᠷᠢᠭᠦᠨ ᠲᠢᠲᠢᠮ ᠵᠡᠭᠦᠯ᠎ᠡ | News.MN

ᠠᠵᠠᠵᠠᠶᠠᠭ᠎ᠠ Miss Asia ᠲᠡᠮᠡᠴᠡᠭᠡᠨ ᠦ ᠲᠡᠷᠢᠭᠦᠨ ᠲᠢᠲᠢᠮ ᠵᠡᠭᠦᠯ᠎ᠡ

ᠠᠷᠪᠠᠨ ᠨᠢᠭᠡᠳᠦᠭᠡᠷ ᠰᠠᠷ᠎ᠠ ᠶᠢᠨ 10 ᠍ ᠳᠦ ᠡᠨᠡᠳᠬᠡᠭ ᠤᠯᠤᠰ ᠲᠤ ᠪᠣᠯᠤᠭᠰᠠᠨ Miss Asia-2018 ᠲᠡᠮᠡᠴᠡᠭᠡᠨ ᠳᠦ  ᠵᠦᠴᠦᠭᠡᠴᠢᠨ᠂ ᠵᠠᠭᠪᠤᠷ ᠡᠮᠦᠰᠦᠭᠴᠢ ᠼ∙ᠠᠵᠠᠵᠠᠶᠠᠭ᠎ᠠ ᠲᠦᠷᠦᠭᠦᠯᠡᠵᠦ᠂ ᠢᠯᠠᠭᠴᠢ ᠶᠢᠨ ᠲᠢᠲᠢᠮ ᠵᠡᠭᠦᠯ᠎ᠡ᠃ 25 ᠣᠷᠣᠨ ᠤ ᠭᠣᠸ᠎ᠠ ᠪᠦᠰᠡᠭᠦᠢ ᠣᠷᠣᠯᠴᠠᠭᠰᠠᠨ ᠲᠤᠰ ᠲᠡᠮᠡᠴᠡᠭᠡᠨ ᠳᠦ ᠲᠡᠷᠡ ᠪᠡᠷ ᠠᠮᠵᠢᠯᠲᠠ ᠲᠠᠢ ᠣᠷᠣᠯᠴᠠᠨ Miss Personality᠂ Miss Fitness ᠍ ᠪᠡᠷ ᠮᠥᠨ ᠰᠢᠯᠭᠠᠷᠠᠭᠰᠠᠨ ᠪᠠᠶᠢᠨ᠎ᠠ᠃
ᠤᠳᠠᠭᠠᠬᠢ ᠪᠠᠶᠢᠷᠢ ᠨᠤᠭᠤᠳ ᠲᠤ ᠰᠷᠢᠯᠠᠨᠺᠠ ᠂ ᠹᠢᠯᠢᠫᠢᠨ ᠦ ᠮᠢᠰᠰ ᠦᠳ ᠰᠢᠯᠭᠠᠷᠠᠭᠰᠠᠨ ᠪᠣᠯ ᠬᠠᠰᠠᠭᠰᠲ᠋ᠠᠨ ᠤ ᠭᠣᠸ᠎ᠠ ᠪᠦᠰᠡᠭᠦᠢ Miss Asia Global ᠢᠶᠡᠷ ᠲᠣᠳᠣᠷᠠᠵᠠᠢ ᠃ MISS Mongolia 2015 ᠲᠡᠮᠡᠴᠡᠭᠡᠨ ᠦ ᠲᠡᠷᠢᠭᠦᠨ ᠮᠢᠰ ᠼ∙ᠠᠵᠠᠵᠠᠶᠠᠭ᠎ᠠ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠬᠥᠭᠵᠢᠮᠲᠦ ᠲᠢᠶᠠᠲ᠋ᠷ ᠤᠨ  ᠵᠦᠴᠦᠭᠡᠴᠢᠨ ᠦ ᠠᠩᠭᠢ ᠶᠢ ᠲᠡᠭᠦᠰᠦᠭᠰᠡᠨ ᠠᠵᠢᠯᠯᠠᠳᠠᠭ ᠪᠢᠯᠡ᠃

ᠰᠡᠳᠬᠢᠭᠳᠡᠯ ᠦᠯᠡᠳᠡᠭᠡᠬᠦ