ᠶᠠᠩᠭᠢᠷ ᠤᠨ ᠰᠦᠷᠦᠭ ᠲᠠᠪᠠ ᠪᠠᠷ ᠢᠶᠠᠨ ᠪᠡᠯᠴᠢᠵᠦ ᠪᠠᠶᠢᠨ᠎ᠠ | News.MN

ᠶᠠᠩᠭᠢᠷ ᠤᠨ ᠰᠦᠷᠦᠭ ᠲᠠᠪᠠ ᠪᠠᠷ ᠢᠶᠠᠨ ᠪᠡᠯᠴᠢᠵᠦ ᠪᠠᠶᠢᠨ᠎ᠠ

ᠬᠣᠪᠳᠣ ᠠᠶᠢᠮᠠᠭ ᠤᠨ ᠲᠥᠪ ᠦᠨ ᠡᠷᠭᠢᠨ ᠲᠣᠭᠣᠷᠢᠨ ᠰᠦᠷᠯᠢᠭ ᠤᠯᠠᠭᠠᠨ ᠠᠭᠤᠯᠠᠰ ᠢᠶᠠᠷ ᠬᠦᠷᠢᠶᠡᠯᠡᠭᠳᠡᠭᠰᠡᠨ ᠪᠠᠶᠢᠳᠠᠭ᠃ ᠡᠨᠡ ᠶᠡᠬᠡ ᠠᠭᠤᠯᠠᠰ ᠢ ᠢᠮᠠᠭᠠᠲᠤ ᠤᠯᠠᠭᠠᠨ ᠭᠡᠵᠦ ᠨᠤᠲᠤᠭ ᠤᠨ ᠬᠢᠨ ᠨᠡᠷᠡᠶᠢᠳᠳᠡᠭ᠃ ᠶᠣᠰᠣᠲᠠᠢ ᠯᠠ ᠢᠮᠠᠭᠠᠨ ᠰᠦᠷᠦᠭ ᠦᠨ ᠡᠬᠡ ᠣᠷᠣᠨ ᠡᠨᠳᠡ ᠪᠤᠢ᠃ ᠡᠨᠡ ᠠᠮᠠᠷᠠᠯᠲᠠ ᠶᠢᠨ ᠡᠳᠦᠷ ᠬᠣᠪᠳᠣ ᠰᠤᠮᠤ ᠶᠢᠨ ᠨᠤᠲᠤᠭ ᠤᠯᠠᠭᠠᠨ ᠬᠠᠷᠭᠠᠨ᠎ᠠ ᠬᠡᠮᠡᠬᠦ ᠨᠤᠲᠤᠭ ᠤᠨ ᠵᠠᠮ ᠳᠤ ᠶᠠᠪᠤᠬᠤ ᠵᠠᠭᠤᠷ᠎ᠠ ᠬᠠᠷᠠᠯᠠᠭ ᠲᠡᠬᠡ ᠶᠠᠩᠭᠢᠷ ᠤᠨ ᠰᠦᠷᠦᠭ ᠢᠶᠡᠨ ᠳᠠᠭᠠᠭᠤᠯᠤᠨ ᠲᠣᠭᠲᠠᠭᠤᠨ ᠢᠳᠡᠰᠢᠯᠡᠵᠦ ᠪᠠᠶᠢᠭ᠎ᠠ ᠲᠠᠢ ᠲᠠᠭᠠᠷᠠᠯᠳᠤᠯ᠎ᠠ᠃ ᠲᠣᠭᠠᠯᠠᠪᠠᠯ ᠬᠣᠷᠢᠭᠠᠳ ᠶᠠᠩᠭᠢᠷ ᠰᠦᠷᠯᠢᠭ ᠥᠨᠳᠥᠷ ᠠᠭᠤᠯᠠ ᠶᠢᠨ ᠪᠡᠯ ᠳᠦ ᠲᠣᠭᠲᠠᠭᠤᠨ ᠢᠳᠡᠰᠢᠯᠡᠵᠦ᠂ ᠦᠷᠭᠦᠵᠦ ᠴᠣᠴᠢᠬᠤ ᠦᠭᠡᠢ ᠲᠠᠶᠢᠪᠤᠩ ᠰᠦᠷᠦᠭᠯᠡᠵᠦ ᠪᠠᠶᠢᠪᠠ᠃ ᠡᠶᠢᠨ ᠬᠦ ᠬᠣᠪᠣᠷ ᠰᠦᠷᠯᠢᠭ ᠠᠩ ᠠᠮᠢᠲᠠᠨ ᠣᠯᠠᠨ ᠢᠶᠠᠷ ᠢᠶᠠᠨ ᠢᠳᠡᠰᠢᠯᠡᠵᠦ ᠪᠠᠶᠢᠭ᠎ᠠ ᠶᠢ ᠬᠠᠷᠠᠬᠤ ᠳᠤ ᠰᠡᠳᠬᠢᠯ ᠬᠥᠳᠡᠯᠵᠦ ᠪᠠᠰᠠ ᠬᠠᠶᠢᠷᠠᠯᠠᠬᠤ᠂ ᠪᠠᠬᠠᠷᠬᠠᠬᠤ ᠰᠡᠳᠬᠢᠯ  ᠲᠦᠷᠦᠯ᠎ᠡ ᠃ ᠤᠯᠠᠭᠠᠨ ᠨᠤᠮ ᠳᠤ ᠪᠦᠷᠢᠳᠬᠡᠭᠳᠡᠭᠰᠡᠨ ᠬᠣᠪᠣᠷ ᠠᠮᠢᠲᠠᠳ ᠢᠳᠡᠰᠢ ᠲᠡᠵᠢᠭᠡᠯ ᠬᠣᠮᠰᠠᠳᠠᠭᠰᠠᠨ ᠦᠶ᠎ᠡ ᠳᠦ ᠨᠠᠮ ᠳᠣᠣᠷ᠎ᠠ ᠭᠠᠵᠠᠷ ᠢᠷᠡᠳᠡᠭ ᠭᠡᠬᠦ ᠶᠠᠷᠢᠶ᠎ᠠ ᠪᠠᠶᠢᠳᠠᠭ ᠴᠤ᠂ ᠨᠤᠲᠤᠭ ᠤᠨ ᠬᠢᠨ ᠶᠠᠩᠭᠢᠷ ᠰᠦᠷᠦᠭᠯᠡᠨ ᠲᠣᠭᠲᠠᠭᠤᠨ ᠪᠡᠯᠴᠢᠵᠦ ᠪᠠᠶᠢᠪᠠᠯ ᠥᠩ ᠲᠡᠢ ᠰᠠᠶᠢᠬᠠᠨ ᠡᠪᠦᠯ ᠪᠣᠯᠤᠨ᠎ᠠ ᠬᠡᠮᠡᠨ ᠪᠡᠯᠭᠡᠰᠢᠶᠡᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠪᠠᠲᠤ 2018-11-13 122.201.22.173

ᠡᠨᠡ ᠮᠡᠳᠡᠭᠡ ᠨᠡᠢᠢᠭᠡᠮ ᠲᠠᠢ ᠶᠠᠮᠠᠷ ᠬᠣᠯᠪᠤᠭᠠᠲᠠᠢ ᠶᠤᠮ ᠪᠣᠯ︖