ᠶᠢᠰᠦᠨ ᠪᠥᠬᠡ ᠳᠡᠯᠡᠬᠡᠢ ᠶᠢᠨ ᠴᠢᠨᠰᠠᠭᠠᠨ ᠤ ᠡᠬᠢᠨ ᠦ 20 ᠍ ᠳᠦ ᠪᠠᠭᠲᠠᠵᠠᠢ | News.MN

ᠶᠢᠰᠦᠨ ᠪᠥᠬᠡ ᠳᠡᠯᠡᠬᠡᠢ ᠶᠢᠨ ᠴᠢᠨᠰᠠᠭᠠᠨ ᠤ ᠡᠬᠢᠨ ᠦ 20 ᠍ ᠳᠦ ᠪᠠᠭᠲᠠᠵᠠᠢ

ᠳᠡᠯᠡᠬᠡᠢ ᠶᠢᠨ ᠪᠥᠬᠡ ᠶᠢᠨ ᠬᠣᠯᠪᠣᠭ᠎ᠠ ︵UWW︶᠍ ᠥᠩᠭᠡᠷᠡᠭᠰᠡᠨ ᠠᠷᠪᠠᠳᠤᠭᠠᠷ ᠰᠠᠷ᠎ᠠ ᠳᠤ ᠤᠩᠭᠠᠷᠢ ᠶᠢᠨ ᠨᠡᠶᠢᠰᠯᠡᠯ ᠪᠤᠲᠠᠫᠧᠱᠲ ᠲᠦ ᠪᠣᠯᠤᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠳᠠᠷᠠᠭ᠎ᠠ ᠡᠷᠡᠭᠲᠡᠶᠢᠴᠦᠳ ᠦᠨ 10 ᠵᠢᠩ ᠦᠨ ᠴᠢᠨᠰᠠᠭ᠎ᠠ ᠶᠢ ᠰᠢᠨᠡᠴᠢᠯᠡᠨ ᠭᠠᠷᠭᠠᠵᠠᠢ᠃ ᠮᠣᠩᠭᠣᠯ ᠤᠨ ᠶᠢᠰᠦᠨ ᠪᠥᠬᠡ ᠳᠡᠯᠡᠬᠡᠢ ᠶᠢᠨ ᠴᠢᠨᠰᠠᠭᠠᠨ ᠤ ᠡᠬᠢᠨ ᠦ 20 ᠍ ᠳᠦ ᠪᠢᠴᠢᠭᠳᠡᠭᠰᠡᠨ ᠪᠠᠶᠢᠨ᠎ᠠ᠃ ᠲᠣᠳᠣᠷᠠᠭᠤᠯᠪᠠᠯ᠂ 92 ᠺᠢᠯᠦᠭᠷᠡᠮ ᠤᠨ ᠵᠢᠩ ᠳᠦ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠯ∙ᠲᠦᠷᠦᠲᠤᠭᠲᠠᠬᠤ 58 ᠣᠨᠣᠭ᠎ᠠ ᠲᠠᠢ ᠠᠮᠠᠨ ᠬᠦᠵᠦᠭᠦᠳᠡᠵᠡᠢ᠃ ᠲᠡᠭᠦᠨᠴᠢᠯᠡᠨ ᠪᠤᠲᠠᠫᠧᠱᠲ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ  ᠮᠸᠲᠠᠯᠲᠤ ᠮᠠᠰᠲ᠋ᠸᠷ ᠲ∙ᠲᠦᠪᠰᠢᠨᠲᠤᠯᠭ᠎ᠠ 61 ᠺᠢᠯᠦᠭᠷᠡᠮ  ᠳᠦ 52 ᠤᠨᠤᠭ᠎ᠠ᠂ ᠪ∙ᠪᠢᠮᠪᠠᠳᠣᠷᠵᠢ 70 ᠺᠢᠯᠦᠭᠷᠡᠮ  ᠳᠦ 56 ᠣᠨᠣᠭ᠎ᠠ ᠲᠠᠢ ︽ᠲᠣᠫ -5︾᠍ ᠳᠦ ᠪᠢᠴᠢᠭᠳᠡᠯ᠎ᠡ᠃ ᠪᠤᠰᠤᠳ ᠪᠥᠬᠡᠴᠦᠳ ᠡᠴᠡ ᠼ∙ᠴᠣᠭᠪᠠᠳᠠᠷᠠᠬᠤ ᠂ ᠲ∙ᠲᠤᠯᠭ᠎ᠠ ᠂ ᠭ∙ᠮᠠᠨᠳᠤᠬᠤᠨᠠᠷᠠᠨ ᠂ ᠫ∙ᠦᠨᠢᠷᠪᠠᠲᠤ ᠂ ᠥ᠊∙ᠪᠠᠲᠤᠵᠤᠯᠠ᠂ ᠨ∙ᠵᠣᠯᠪᠣᠭ᠎ᠠ ᠲᠤᠰ ᠲᠤᠰ ᠪᠢᠴᠢᠭᠳᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ