ᠲᠡᠮᠡᠭᠡ ᠲᠡᠢ ᠵᠢᠩ ᠤᠯᠠᠭᠠᠨ ᠭᠤᠮ ᠳᠤ ᠢᠷᠡᠯ᠎ᠡ | News.MN

ᠲᠡᠮᠡᠭᠡ ᠲᠡᠢ ᠵᠢᠩ ᠤᠯᠠᠭᠠᠨ ᠭᠤᠮ ᠳᠤ ᠢᠷᠡᠯ᠎ᠡ

ᠤᠪᠰᠤ  ᠠᠶᠢᠮᠠᠭ  ᠤᠨ ᠵᠠᠪᠬᠠᠨ ᠰᠤᠮᠤ ᠶᠢᠨ ︽ᠰᠤᠮᠤ ᠰᠤᠷᠲᠠᠯᠴᠢᠯᠠᠬᠤ ᠡᠳᠦᠷ︾ ᠤᠯᠠᠭᠠᠨ ᠭᠤᠮ ᠬᠤᠲᠠ ᠳᠤ 11 ᠳ᠋ᠤᠭᠡᠷ ᠰᠠᠷ᠎ᠠ ᠶᠢᠨ 07 ᠍ ᠳᠦ ᠡᠬᠢᠯᠡᠯ᠎ᠡ᠃ ᠲᠤᠰ ᠰᠤᠮᠤ ᠠᠶᠢᠮᠠᠭ ᠲᠤ ᠪᠠᠨ  ᠬᠠᠮᠤᠭ ᠤᠨ ᠣᠯᠠᠨ ᠲᠡᠮᠡᠭᠡ ᠲᠡᠢ ᠪᠥᠭᠡᠳ ᠡᠨᠡᠬᠦ ᠠᠷᠭ᠎ᠠ ᠬᠡᠮᠵᠢᠶᠡᠨ ᠳᠦ ᠣᠷᠣᠯᠴᠠᠬᠤ ᠪᠠᠷ 30 ᠭᠠᠷᠤᠢ ᠵᠢᠩᠴᠢᠨ 140 ᠍ ᠭᠠᠷᠤᠢ ᠲᠡᠮᠡᠭᠡᠨ ᠦ ᠵᠢᠩ  ᠲᠡᠢ ᠢᠷᠡᠵᠡᠢ᠃ ᠲᠡᠳᠡ ᠰᠠᠩ ᠤᠨ ᠳᠠᠯᠠᠢ ᠶᠢᠨ ᠳᠠᠪᠤᠰᠤ᠂ ᠢᠩᠭᠡᠨ ᠦ ᠬᠣᠭᠣᠷᠮᠠᠭ᠂ ᠨᠤᠲᠤᠭ ᠲᠤ ᠪᠠᠨ ᠦᠢᠯᠡᠳᠪᠦᠷᠢᠯᠡᠭᠰᠡᠨ ᠪᠦᠲᠦᠭᠡᠭᠳᠡᠬᠦᠨ ᠦ ᠪᠡᠨ ᠳᠡᠭᠡᠵᠢ ᠵᠡᠷᠭᠡ ᠶᠢ ᠲᠡᠮᠡᠭᠡᠨ ᠳᠦ ᠪᠡᠨ ᠠᠴᠢᠵᠤ᠂ 180 ᠣᠷᠴᠢᠮ  ᠺᠢᠯᠤᠮᠸᠲᠷ ᠵᠠᠮ ᠢ ᠭᠤᠷᠪᠠ ᠬᠣᠨᠣᠭ ᠤᠨ ᠬᠤᠭᠤᠴᠠᠭᠠᠨ ᠳᠤ ᠲᠤᠭᠤᠯᠤᠭᠰᠠᠨ ᠪᠠᠶᠢᠨ᠎ᠠ᠃  ᠤᠪᠰᠤ ᠠᠶᠢᠮᠠᠭ ᠤᠨ ᠵᠠᠪᠬᠠᠨ ᠰᠤᠮᠤ ᠨᠢ 1973᠂ 1989 ᠣᠨ ᠳᠤ ︽ᠲᠦᠮᠡᠨ  ᠲᠡᠮᠡᠭᠡᠨ ᠍ ᠦ ᠪᠠᠶᠠᠷ︾ ᠢᠶᠠᠨ ᠲᠡᠮᠳᠡᠭᠯᠡᠵᠦ ᠪᠠᠶᠢᠭᠰᠠᠨ ᠲᠡᠦᠬᠡ ᠲᠡᠢ ᠃ 30 ᠵᠢᠯ ᠦᠨ ᠳᠠᠷᠠᠭ᠎ᠠ ᠪᠤᠶᠤ ᠢᠷᠡᠬᠦ 2019 ᠣᠨ ᠳᠤ  ᠭᠤᠷᠪᠠᠳᠠᠬᠢ ᠤᠳᠠᠭ᠎ᠠ ᠪᠠᠨ ᠲᠡᠮᠡᠭᠡᠨ ᠰᠦᠷᠦᠭ ᠢᠶᠡᠨ ᠲᠦᠮᠡ ᠳᠦ ᠬᠦᠷᠭᠡᠭᠰᠡᠨ ᠪᠠᠬᠠᠳᠤᠮ᠎ᠠ ᠠᠮᠵᠢᠯᠲᠠ ᠪᠠᠷ ︽ᠲᠦᠮᠡᠨ  ᠲᠡᠮᠡᠭᠡᠨ ᠍ ᠦ ᠪᠠᠶᠠᠷ︾ ᠢᠶᠠᠨ ᠲᠡᠮᠳᠡᠭᠯᠡᠬᠦ ᠭᠡᠵᠦ ᠪᠠᠶᠢᠨ᠎ᠠ ᠃

ᠰᠡᠳᠬᠢᠭᠳᠡᠯ ᠦᠯᠡᠳᠡᠭᠡᠬᠦ