ᠤᠪᠰᠤ ᠠᠶᠢᠮᠠᠭ ᠤᠨ ᠵᠠᠪᠬᠠᠨ ᠰᠤᠮᠤ ᠶᠢᠨ ︽ᠰᠤᠮᠤ ᠰᠤᠷᠲᠠᠯᠴᠢᠯᠠᠬᠤ ᠡᠳᠦᠷ︾ ᠤᠯᠠᠭᠠᠨ ᠭᠤᠮ ᠬᠤᠲᠠ ᠳᠤ 11 ᠳ᠋ᠤᠭᠡᠷ ᠰᠠᠷ᠎ᠠ ᠶᠢᠨ 07 ᠍ ᠳᠦ ᠡᠬᠢᠯᠡᠯ᠎ᠡ᠃ ᠲᠤᠰ ᠰᠤᠮᠤ ᠠᠶᠢᠮᠠᠭ ᠲᠤ ᠪᠠᠨ ᠬᠠᠮᠤᠭ ᠤᠨ ᠣᠯᠠᠨ ᠲᠡᠮᠡᠭᠡ ᠲᠡᠢ ᠪᠥᠭᠡᠳ ᠡᠨᠡᠬᠦ ᠠᠷᠭ᠎ᠠ ᠬᠡᠮᠵᠢᠶᠡᠨ ᠳᠦ ᠣᠷᠣᠯᠴᠠᠬᠤ ᠪᠠᠷ 30 ᠭᠠᠷᠤᠢ ᠵᠢᠩᠴᠢᠨ 140 ᠍ ᠭᠠᠷᠤᠢ ᠲᠡᠮᠡᠭᠡᠨ ᠦ ᠵᠢᠩ ᠲᠡᠢ ᠢᠷᠡᠵᠡᠢ᠃ ᠲᠡᠳᠡ ᠰᠠᠩ ᠤᠨ ᠳᠠᠯᠠᠢ ᠶᠢᠨ ᠳᠠᠪᠤᠰᠤ᠂ ᠢᠩᠭᠡᠨ ᠦ ᠬᠣᠭᠣᠷᠮᠠᠭ᠂ ᠨᠤᠲᠤᠭ ᠲᠤ ᠪᠠᠨ ᠦᠢᠯᠡᠳᠪᠦᠷᠢᠯᠡᠭᠰᠡᠨ ᠪᠦᠲᠦᠭᠡᠭᠳᠡᠬᠦᠨ ᠦ ᠪᠡᠨ ᠳᠡᠭᠡᠵᠢ ᠵᠡᠷᠭᠡ ᠶᠢ ᠲᠡᠮᠡᠭᠡᠨ ᠳᠦ ᠪᠡᠨ ᠠᠴᠢᠵᠤ᠂ 180 ᠣᠷᠴᠢᠮ ᠺᠢᠯᠤᠮᠸᠲᠷ ᠵᠠᠮ ᠢ ᠭᠤᠷᠪᠠ ᠬᠣᠨᠣᠭ ᠤᠨ ᠬᠤᠭᠤᠴᠠᠭᠠᠨ ᠳᠤ ᠲᠤᠭᠤᠯᠤᠭᠰᠠᠨ ᠪᠠᠶᠢᠨ᠎ᠠ᠃ ᠤᠪᠰᠤ ᠠᠶᠢᠮᠠᠭ ᠤᠨ ᠵᠠᠪᠬᠠᠨ ᠰᠤᠮᠤ ᠨᠢ 1973᠂ 1989 ᠣᠨ ᠳᠤ ︽ᠲᠦᠮᠡᠨ ᠲᠡᠮᠡᠭᠡᠨ ᠍ ᠦ ᠪᠠᠶᠠᠷ︾ ᠢᠶᠠᠨ ᠲᠡᠮᠳᠡᠭᠯᠡᠵᠦ ᠪᠠᠶᠢᠭᠰᠠᠨ ᠲᠡᠦᠬᠡ ᠲᠡᠢ ᠃ 30 ᠵᠢᠯ ᠦᠨ ᠳᠠᠷᠠᠭ᠎ᠠ ᠪᠤᠶᠤ ᠢᠷᠡᠬᠦ 2019 ᠣᠨ ᠳᠤ ᠭᠤᠷᠪᠠᠳᠠᠬᠢ ᠤᠳᠠᠭ᠎ᠠ ᠪᠠᠨ ᠲᠡᠮᠡᠭᠡᠨ ᠰᠦᠷᠦᠭ ᠢᠶᠡᠨ ᠲᠦᠮᠡ ᠳᠦ ᠬᠦᠷᠭᠡᠭᠰᠡᠨ ᠪᠠᠬᠠᠳᠤᠮ᠎ᠠ ᠠᠮᠵᠢᠯᠲᠠ ᠪᠠᠷ ︽ᠲᠦᠮᠡᠨ ᠲᠡᠮᠡᠭᠡᠨ ᠍ ᠦ ᠪᠠᠶᠠᠷ︾ ᠢᠶᠠᠨ ᠲᠡᠮᠳᠡᠭᠯᠡᠬᠦ ᠭᠡᠵᠦ ᠪᠠᠶᠢᠨ᠎ᠠ ᠃