ᠺᠢᠶᠤᠱᠢᠶᠤ ᠪᠠᠱᠶᠤ ᠳᠤ ᠮᠣᠩᠭᠣᠯ ᠤᠨ 22 ᠰᠦᠮᠦᠴᠢ ᠪᠠᠷᠢᠯᠳᠤᠨ᠎ᠠ | News.MN

ᠺᠢᠶᠤᠱᠢᠶᠤ ᠪᠠᠱᠶᠤ ᠳᠤ ᠮᠣᠩᠭᠣᠯ ᠤᠨ 22 ᠰᠦᠮᠦᠴᠢ ᠪᠠᠷᠢᠯᠳᠤᠨ᠎ᠠ

ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ ᠡᠨᠡ 2018 ᠣᠨ ᠤ ᠰᠡᠭᠦᠯ ᠦᠨ ᠺᠢᠶᠤᠱᠢᠶᠤ  ᠪᠠᠱᠶᠤ ᠢᠷᠡᠬᠦ ᠨᠢᠮ᠎ᠠ ᠭᠠᠷᠠᠭ ᠲᠤ ᠹᠦᠺᠥᠣᠺᠠ ᠬᠤᠲᠠ ᠳᠤ ᠡᠬᠢᠯᠡᠬᠦ ᠭᠡᠵᠦ ᠪᠠᠶᠢᠨ᠎ᠠ᠃ ᠠᠷᠪᠠᠨ ᠨᠢᠭᠡᠳᠦᠭᠡᠷ ᠰᠠᠷ᠎ᠠ ᠶᠢᠨ ᠪᠠᠱᠶᠤ  ᠶᠢ 69 ᠳ᠋ᠡᠬᠢ ᠶᠣᠺᠣᠽᠦᠨᠠ ᠬᠠᠺᠤᠬᠤ᠋ ᠮ∙ᠳᠠᠸᠠᠵᠢᠷᠭᠠᠯ ᠮᠠᠩᠯᠠᠶᠢᠯᠠᠨ᠎ᠠ᠃ ᠲᠡᠷᠡᠪᠡᠷ ᠥᠩᠭᠡᠷᠡᠭᠴᠢ ᠰᠠᠷ᠎ᠠ ᠳᠤ ᠪᠡᠯᠡᠳᠬᠡᠯ ᠦᠨ ᠦᠶ᠎ᠡ ᠪᠡᠷ ᠪᠡᠷᠲᠡᠯ ᠠᠪᠴᠤ  ᠡᠪᠤᠳᠤᠭ᠌ ᠤᠨ ᠮᠡᠰᠡ ᠵᠠᠰᠠᠯ ᠳᠤ ᠣᠷᠣᠭᠰᠠᠨ ᠪᠥᠭᠡᠳ ᠣᠳᠣ ᠪᠠᠷ ᠪᠠᠷᠢᠯᠳᠤᠬᠤ ᠡᠰᠡᠬᠦ ᠪᠡᠨ  ᠰᠢᠢᠳᠦᠭᠡ ᠦᠭᠡᠢ ᠪᠠᠶᠢᠭ᠎ᠠ ᠠᠵᠠᠢ ᠃ ᠬᠠᠷᠢᠨ ᠪᠠᠷᠠᠭᠤᠨ ᠵᠢᠭᠦᠷ ᠢ ᠮ∙ᠠᠨᠠᠨᠳᠠ ᠲᠡᠷᠢᠭᠦᠯᠡᠨ᠎ᠡ᠃ ᠮᠠᠨ ᠤ ᠪᠥᠬᠡᠴᠦᠳ ᠡᠴᠡ ᠳᠡᠭᠡᠳᠦ ᠵᠢᠨᠳᠠᠭᠠᠨ ᠳᠤ ᠠ᠊∙ᠢᠴᠢᠨᠨᠣᠷᠪᠤ᠂ ᠪ∙ᠮᠥᠩᠬᠡ-ᠣᠷᠭᠢᠯ᠂ ᠪ ∙ ᠪᠠᠰᠠᠩᠳᠣᠷᠵᠢ᠂ ᠭ∙ᠮᠥᠩᠬᠡᠰᠠᠶᠢᠬᠠᠨ᠂ ᠠ᠊∙ᠳᠦᠯᠭᠡᠨ ᠨᠠᠷ ᠪᠠᠷᠢᠯᠳᠤᠨ᠎ᠠ᠃ ᠡᠨᠡ ᠪᠠᠱᠶᠤ  ᠳᠦ ᠠᠩᠬᠠᠷᠤᠯ ᠲᠠᠲᠠᠵᠤ ᠪᠠᠶᠢᠭ᠎ᠠ ᠪᠥᠬᠡᠴᠦᠳ ᠦᠨ ᠨᠢᠭᠡ ᠪᠣᠯ ᠪ∙ᠪᠠᠰᠠᠩᠳᠣᠷᠵᠢ ᠪᠢᠯᠡ᠃ ᠲᠡᠷᠡᠪᠡᠷ ᠶᠣᠺᠣᠽᠦᠨᠠ ᠬᠠᠷᠤᠮᠠᠹᠦᠵᠢ ᠳ∙ᠪᠢᠮᠪᠠᠳᠣᠷᠵᠢ ᠲᠠᠢ ᠮᠠᠷᠭᠤᠯᠳᠤᠭᠰᠠᠨ ᠤ ᠤᠯᠠᠮ ᠠᠴᠠ ᠪᠠᠭ᠎ᠠ ᠦᠭᠡᠢ ᠬᠤᠭᠤᠴᠠᠭᠠᠨ ᠳᠤ ᠪᠠᠱᠶᠤ ᠢ ᠥᠨᠵᠢᠭᠰᠡᠨ᠃

ᠰᠡᠳᠬᠢᠭᠳᠡᠯ ᠦᠯᠡᠳᠡᠭᠡᠬᠦ