ᠣᠩᠭᠣᠴᠠᠨ ᠤ ᠪᠠᠭᠤᠳᠠᠯ ᠠᠴᠠ ᠬᠦᠮᠦᠨ ᠪᠠᠷᠢᠪᠴᠢᠯᠠᠪᠠ | News.MN

ᠣᠩᠭᠣᠴᠠᠨ ᠤ ᠪᠠᠭᠤᠳᠠᠯ ᠠᠴᠠ ᠬᠦᠮᠦᠨ ᠪᠠᠷᠢᠪᠴᠢᠯᠠᠪᠠ

ᠥᠨᠥᠳᠥᠷ ᠥᠷᠯᠥᠭᠡᠨ ᠦ 04᠄00 ᠴᠠᠭ ᠤᠨ ᠦᠶ᠎ᠡ ᠳᠦ ᠠᠪᠯᠢᠭ᠎ᠠ ᠲᠠᠢ ᠲᠡᠮᠡᠴᠡᠬᠦ ᠭᠠᠵᠠᠷ ᠠᠴᠠ ︽ᠴᠢᠩᠭᠢᠰ ᠬᠠᠭᠠᠨ︾ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠳᠡᠭᠡᠷ᠎ᠡ ᠭᠦᠢᠴᠡᠳᠭᠡᠬᠦ ᠠᠵᠢᠯᠯᠠᠭ᠎ᠠ ᠶᠠᠪᠤᠭᠤᠯᠤᠭᠰᠠᠨ ᠪᠠᠶᠢᠨ᠎ᠠ᠃ ᠲᠣᠳᠣᠷᠠᠭᠤᠯᠪᠠᠯ᠂ ᠵᠢᠵᠢᠭ ᠳᠤᠮᠳᠠ ᠦᠢᠯᠡᠳᠪᠦᠷᠢᠯᠡᠯ ᠢ ᠬᠥᠭᠵᠢᠭᠦᠯᠬᠦ ᠰᠠᠩ ᠤᠨ ᠣᠷᠣᠯᠠᠭᠴᠢ ᠳᠠᠷᠤᠭ᠎ᠠ B ᠪᠣᠯᠤᠨ ᠬᠣᠯᠪᠣᠭᠳᠠᠬᠤ ᠠᠯᠪᠠᠨ ᠲᠤᠰᠢᠶᠠᠯᠲᠠᠨ N ᠨᠠᠷ ᠢ ᠲᠦᠷᠺ ᠤᠯᠤᠰ ᠠᠴᠠ ᠡᠬᠡ ᠣᠷᠣᠨ ᠳᠤ ᠪᠠᠨ ᠭᠠᠵᠠᠷᠳᠠᠭᠰᠠᠨ ᠳᠠᠷᠤᠢ ᠳᠤ ᠨᠢ ᠰᠠᠭᠠᠲᠠᠭᠤᠯᠵᠠᠢ᠃ ᠲᠤᠰ ᠪᠠᠷᠢᠪᠴᠢᠯᠠᠭᠠᠨ ᠤ ᠲᠠᠯ᠎ᠠ ᠪᠠᠷ ᠤᠩᠭᠤᠴᠠᠨ ᠤ ᠪᠠᠭᠤᠳᠠᠯ ᠤᠨ ᠴᠠᠭᠳᠠᠭ᠎ᠠ ᠶᠢᠨ ᠠᠯᠪᠠ ᠮᠡᠳᠡᠭᠡ ᠦᠭᠡᠢ ᠪᠠᠶᠢᠨ᠎ᠠ᠃ ᠳᠡᠭᠡᠷᠡᠬᠢ ᠠᠯᠪᠠᠨ ᠲᠤᠰᠢᠶᠠᠯᠲᠠᠨ ᠨᠤᠭᠤᠳ ᠢ ᠪᠠᠷᠢᠪᠴᠢᠯᠠᠨ 461 ᠍ ᠳᠦᠭᠡᠷ ᠠᠩᠭᠢ ᠳᠤ ᠠᠪᠠᠴᠢᠵᠤ ᠰᠠᠭᠠᠲᠠᠭᠤᠯᠤᠭᠰᠠᠨ ᠪᠠᠶᠢᠨ᠎ᠠ᠃  ᠡᠬᠢ ᠰᠤᠷᠪᠤᠯᠵᠢ ᠶᠢᠨ ᠮᠡᠳᠡᠭᠡᠯᠡᠵᠦ ᠪᠤᠢ ᠪᠠᠷ ᠣᠶᠢᠷ᠎ᠠ ᠶᠢᠨ ᠡᠳᠦᠷ ᠦᠳ ᠲᠦ  ᠵᠢᠵᠢᠭ ᠳᠤᠮᠳᠠ ᠦᠢᠯᠡᠳᠪᠤᠷᠢᠯᠡᠯ ᠢ ᠬᠦᠭᠵᠢᠭᠦᠯᠬᠦ ᠰᠠᠩ ᠢ ᠲᠣᠭᠣᠷᠢᠭᠰᠠᠨ ᠠᠰᠠᠭᠤᠳᠠᠯ ᠰᠡᠬᠦᠭᠳᠡᠭᠰᠡᠨ ᠤᠴᠢᠷ ᠠᠴᠠ ᠲᠤᠰ ᠭᠠᠵᠠᠷ ᠤᠨ ᠠᠯᠪᠠ ᠬᠠᠭᠠᠭᠴᠢᠳ ᠦᠢᠮᠡᠯᠳᠦᠵᠦ᠂ ᠭᠠᠳᠠᠭᠠᠳᠤ ᠳᠦ ᠶᠠᠪᠤᠬᠤ ᠸᠢᠽ ᠣᠯᠠᠨ ᠢᠶᠠᠷ ᠮᠡᠳᠡᠭᠦᠯᠵᠦ ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ