ᠪᠠᠳᠠᠷᠠ ᠬᠤᠨᠳᠠᠭ᠎ᠠ ᠨᠠᠭᠤᠷ ᠠᠴᠠ ᠬᠤᠯᠠᠭᠠᠢ ᠬᠢᠭᠰᠡᠨ ᠡᠲᠡᠭᠡᠳ ᠢ ᠰᠢᠭᠦᠨ᠎ᠡ | News.MN

ᠪᠠᠳᠠᠷᠠ ᠬᠤᠨᠳᠠᠭ᠎ᠠ ᠨᠠᠭᠤᠷ ᠠᠴᠠ ᠬᠤᠯᠠᠭᠠᠢ ᠬᠢᠭᠰᠡᠨ ᠡᠲᠡᠭᠡᠳ ᠢ ᠰᠢᠭᠦᠨ᠎ᠡ

ᠥᠩᠭᠡᠷᠡᠭᠰᠡᠨ ᠶᠢᠰᠦᠳᠦᠭᠡᠷ ᠰᠠᠷ᠎ᠠ ᠶᠢᠨ 10 ᠍ ᠳᠦ ᠵᠠᠪᠬᠠᠨ ᠠᠶᠢᠮᠠᠭ ᠤᠨ ᠣᠳᠬᠣᠨ ᠰᠤᠮᠤ ᠶᠢᠨ ᠨᠤᠲᠤᠭ ᠣᠳᠬᠣᠨᠲᠩᠷᠢ ᠬᠠᠶᠢᠷᠬᠠᠨ ᠤ ᠥᠪᠥᠷ ᠪᠡᠯ ᠳᠦ ᠤᠷᠤᠰᠢᠬᠤ ᠪᠠᠳᠠᠷᠠ  ᠬᠤᠨᠳᠠᠭ᠎ᠠ ᠨᠠᠭᠤᠷ ᠠᠴᠠ ᠮᠥᠩᠭᠥᠨ ᠠᠶᠠᠭ᠎ᠠ ᠬᠤᠯᠠᠭᠠᠶᠢᠯᠠᠭᠰᠠᠨ ᠡᠲᠡᠭᠡᠳ ᠦᠳ ᠢ ᠴᠠᠭᠳᠠᠭ᠎ᠠ ᠶᠢᠨ ᠪᠠᠶᠢᠭᠤᠯᠤᠯᠭ᠎ᠠ ᠠᠴᠠ ᠢᠯᠡᠷᠡᠭᠦᠯᠦᠨ ᠰᠢᠯᠭᠠᠵᠤ ᠡᠬᠢᠯᠡᠭᠰᠡᠨ᠃ ᠭᠡᠮᠲᠦ ᠡᠲᠡᠭᠡᠳ ᠦᠳ ᠲᠤᠬᠠᠢ ᠶᠢᠨ ᠦᠶ᠎ᠡ ᠳᠦ ᠨᠤᠲᠤᠭ ᠤᠨ ᠭᠤᠷᠪᠠᠨ ᠢᠷᠭᠡᠨ  ᠤᠷᠤᠭᠤ ᠭᠠᠯ ᠨᠡᠭᠡᠭᠡᠵᠦ᠂ ᠨᠢᠭᠡ ᠶᠢ ᠨᠢ ᠫᠤᠤᠳᠠᠵᠤ ᠰᠢᠷᠬᠠᠲᠤᠭᠤᠯᠤᠭᠠᠳ ᠵᠢᠭᠤᠲᠠᠭᠰᠠᠨ ᠪᠠᠶᠢᠳᠠᠭ᠃ ᠲᠡᠳᠡᠨ ᠢ ᠠᠭᠤᠯᠠᠨ ᠳᠤ ᠪᠦᠭᠭᠦᠵᠦ ᠪᠠᠶᠢᠬᠤ ᠳᠤ ᠨᠢ ᠴᠠᠭᠳᠠᠭ᠎ᠠ ᠶᠢᠨ ᠬᠢᠨ ᠳᠠᠶᠢᠴᠢᠯᠠᠨ ᠪᠠᠷᠢᠪᠴᠢᠯᠠᠭᠰᠠᠨ ᠶᠤᠮ᠃ ᠭᠡᠮᠲᠦ ᠡᠲᠡᠭᠡᠳ ᠦᠳ ᠮᠥᠷᠳᠡᠨ ᠰᠢᠯᠭᠠᠬᠤ ᠠᠵᠢᠯᠯᠠᠭᠠᠨ ᠤ ᠦᠶ᠎ᠡ ᠪᠡᠷ ᠡᠮᠦᠨ᠎ᠡ ᠨᠢ ᠲᠤᠰ ᠨᠠᠭᠤᠷ ᠠᠴᠠ ᠡᠳ᠋ ᠵᠦᠢᠯᠡᠰ ᠬᠤᠯᠠᠭᠠᠶᠢᠯᠠᠵᠤ ᠪᠠᠶᠢᠭᠰᠠᠨ ᠲᠠᠯ᠎ᠠ ᠪᠠᠷ ᠢᠶᠠᠨ ᠮᠡᠳᠡᠭᠦᠯᠭᠡ ᠥᠭᠭᠦᠭᠰᠡᠨ ᠪᠠᠶᠢᠨ᠎ᠠ᠃ ᠲᠡᠳᠡᠨ ᠦ ᠨᠢᠭᠡ ᠨᠢ ᠪᠠᠶᠠᠨ-ᠥᠯᠥᠭᠡᠢ ᠠᠶᠢᠮᠠᠭ ᠤᠨ ᠬᠠᠷᠢᠶᠠᠲᠤ᠂ ᠨᠥᠭᠥᠭᠡ ᠨᠢ ᠪᠠᠶᠠᠨᠬᠣᠩᠭᠣᠷ ᠠᠶᠢᠮᠠᠭ ᠤᠨ ᠬᠠᠷᠢᠶᠠᠲᠤ᠂ ᠡᠷᠬᠢᠯᠡᠭᠰᠡᠨ ᠲᠣᠳᠣᠷᠬᠠᠢ ᠠᠵᠢᠯ ᠦᠭᠡᠢ ᠪᠥᠭᠡᠳ 25-26 ᠨᠠᠰᠤᠨ ᠤ ᠬᠢᠨ ᠠᠵᠠᠢ ᠃
ᠪᠠᠶᠢᠭᠠᠯᠢ ᠶᠢᠨ ᠣᠨᠴᠠᠭᠠᠢ ᠪᠥᠰᠡ ᠡᠴᠡ ᠬᠤᠯᠠᠭᠠᠢ ᠬᠢᠭᠰᠡᠨ ᠡᠲᠡᠭᠡᠳ  ᠦᠨ ᠨᠢᠭᠡ ᠨᠢ ᠡᠮᠦᠨ᠎ᠡ ᠨᠢ ᠨᠡᠶᠢᠰᠯᠡᠯ ᠦᠨ ᠣᠨᠴᠠᠭᠠᠢ ᠪᠠᠶᠢᠳᠠᠯ ᠤᠨ ᠭᠠᠵᠠᠷ ᠲᠤ ᠠᠪᠤᠷᠠᠭᠴᠢ ᠬᠢᠳᠡᠭ ᠪᠠᠶᠢᠭᠰᠠᠨ ᠪᠥᠭᠡᠳ ᠥᠪᠡᠷ ᠦᠨ ᠬᠦᠰᠡᠯᠲᠡ ᠪᠡᠷ ᠠᠵᠢᠯ ᠠᠴᠠ ᠪᠠᠨ ᠭᠠᠷᠤᠭᠠᠳ ᠤᠳᠠᠭ᠎ᠠ ᠦᠭᠡᠢ ᠪᠠᠶᠢᠬᠤ ᠳᠤ ᠪᠠᠨ  ᠡᠶᠢᠨ ᠬᠦ ᠬᠤᠯᠠᠭᠠᠢ ᠶᠢᠨ ᠭᠡᠮᠲᠦ ᠬᠡᠷᠡᠭ ᠪᠦᠯᠦᠭᠯᠡᠨ ᠦᠢᠯᠡᠳᠦᠭᠰᠡᠨ ᠬᠡᠷᠡᠭ ᠲᠦ ᠬᠣᠯᠪᠣᠭᠳᠠᠵᠠᠢ᠃ ᠮᠡᠷᠭᠡᠵᠢᠯ ᠦᠨ ᠱᠤᠩᠪᠠᠭᠴᠢ ᠪᠠᠶᠢᠭᠰᠠᠨ ᠳᠠᠪᠠᠭᠤ ᠪᠠᠶᠢᠳᠠᠯ ᠢᠶᠠᠨ ᠠᠰᠢᠭᠯᠠᠨ ᠨᠠᠭᠤᠷ ᠠᠴᠠ ᠮᠥᠩᠭᠥᠨ ᠠᠶᠠᠭ᠎ᠠ ᠣᠯᠠᠨ ᠢᠶᠠᠷ ᠨᠢ ᠬᠤᠯᠠᠭᠠᠶᠢᠯᠠᠵᠤ ᠪᠠᠶᠢᠬᠤ ᠦᠶ᠎ᠡ ᠳᠦ ᠪᠡᠨ ᠤᠰᠤᠨ ᠳᠤ ᠱᠤᠩᠪᠠᠭᠴᠢ ᠬᠤᠪᠴᠠᠰᠤ ᠲᠠᠢ ᠪᠠᠶᠢᠭᠰᠠᠨ  ᠠᠵᠠᠢ ᠃ ᠲᠡᠳᠡᠨ ᠦ ᠦᠢᠯᠡᠳᠦᠭᠰᠡᠨ ᠬᠡᠷᠡᠭ ᠢ ᠵᠠᠪᠬᠠᠨ ᠠᠶᠢᠮᠠᠭ ᠤᠨ ᠴᠠᠭᠳᠠᠭ᠎ᠠ ᠶᠢᠨ ᠭᠠᠵᠠᠷ ᠡᠷᠡᠭᠦᠦ ᠶᠢᠨ ᠬᠡᠷᠡᠭ ᠡᠭᠦᠰᠬᠡᠨ ᠮᠥᠷᠳᠡᠨ ᠪᠠᠶᠢᠴᠠᠭᠠᠬᠤ ᠠᠵᠢᠯᠯᠠᠭ᠎ᠠ ᠳᠠᠭᠤᠰᠴᠤ᠂ ᠶᠠᠯᠠᠯᠠᠬᠤ ᠳ᠋ᠦᠩᠨᠡᠯᠲᠡ ᠦᠢᠯᠡᠳᠦᠨ ᠫᠷᠣᠺᠦᠷᠣᠷ ᠲᠤ ᠰᠢᠯᠵᠢᠭᠦᠯᠵᠡᠢ᠃ ᠲᠣᠳᠣᠷᠠᠭᠤᠯᠪᠠᠯ᠂ ᠭᠡᠮᠲᠦ ᠡᠲᠡᠭᠡᠳ ᠦᠳ ᠦᠨ ᠬᠣᠶᠠᠷ ᠢ ᠬᠤᠯᠠᠭᠠᠢ ᠶᠢᠨ ᠬᠡᠷᠡᠭ ᠢᠶᠡᠷ᠂ ᠭᠠᠯᠲᠤ ᠵᠡᠪᠰᠡᠭ ᠠᠰᠢᠭᠯᠠᠨ ᠢᠷᠭᠡᠨ ᠦ ᠪᠡᠶ᠎ᠡ ᠳᠦ ᠭᠡᠮᠲᠦᠯ ᠤᠴᠠᠷᠠᠭᠤᠯᠤᠭᠰᠠᠨ ᠬᠡᠷᠡᠭ ᠢᠶᠡᠷ ᠨᠢᠭᠡ ᠶᠢ ᠨᠢ ᠶᠠᠯᠠᠯᠠᠬᠤ  ᠬᠦᠰᠡᠯᠲᠡ ᠪᠡᠨ ᠬᠦᠷᠭᠡᠭᠦᠯᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ