ᠪᠣᠭᠳᠠ ᠬᠠᠭᠠᠨ ᠤ ᠣᠷᠳᠣᠨ ᠮᠦᠽᠧᠢ ᠶᠢᠨ ︽ᠬᠠᠭᠠᠨ ᠲᠤᠤᠯᠢᠰ ᠤᠨ ᠥᠷᠭᠥᠭᠡ︾ ᠍ ᠳᠦ ᠪᠢᠯᠢᠭ ᠦᠨ ᠲᠣᠭᠠᠯᠠᠯ ᠤᠨ ᠡᠪᠦᠯ ᠦᠨ ᠡᠬᠢᠨ ᠰᠠᠷ᠎ᠠ ᠶᠢᠨ ᠰᠢᠨ᠎ᠡ ᠶᠢᠨ ᠨᠢᠭᠡᠨ ᠦ ᠪᠢᠯᠢᠭᠲᠦ ᠰᠠᠶᠢᠨ ᠡᠳᠦᠷ ᠪᠤᠶᠤ ᠠᠷᠭ᠎ᠠ ᠶᠢᠨ ᠲᠣᠭᠠᠯᠠᠯ ᠤᠨ 2018 ᠣᠨ ᠤ ᠠᠷᠪᠠᠨ ᠨᠢᠭᠡᠳᠦᠭᠡᠷ ᠰᠠᠷ᠎ᠠ ᠶᠢᠨ 08 ᠍ ᠤ ᠡᠳᠦᠷ ᠤᠨ11 ᠴᠠᠭ 40 ᠮᠢᠨᠦ᠋ᠲ ᠠᠴᠠ 《ᠬᠠᠭᠠᠨ ᠰᠡᠴᠡᠨ ᠵᠢᠷᠤᠬᠠᠶᠢᠴᠢ》 ᠲᠤᠤᠯᠢ ᠶᠢ ᠬᠠᠶᠢᠯᠠᠵᠤ ᠡᠬᠢᠯᠡᠬᠦ ᠭᠡᠵᠦ ᠪᠠᠶᠢᠨ᠎ᠠ᠃
ᠲᠤᠤᠯᠢ ᠶᠢ ᠤᠷᠢᠶᠠᠩᠬᠠᠢ ᠶᠢᠨ ᠳᠣᠮᠣᠭᠲᠤ ᠶᠡᠬᠡ ᠲᠤᠤᠯᠢᠴᠢ ᠵᠢᠯᠬᠡᠷ ᠦᠨ ᠤᠳᠤᠮ ᠤᠨ ᠶᠢᠰᠦ ᠳ᠋ᠡᠬᠢ ᠦᠶ᠎ᠡ ᠶᠢᠨ ᠲᠤᠤᠯᠢᠴᠢ ᠠ᠊∙ᠪᠠᠯᠳᠠᠨᠳᠣᠷᠵᠢ ᠬᠠᠶᠢᠯᠠᠬᠤ ᠠᠵᠡᠢ᠃ ᠬᠠᠷ᠎ᠠ ᠮᠠᠭᠤ ᠪᠦᠬᠦᠨ᠂ ᠬᠠᠷᠰᠢᠯᠠᠬᠤ ᠰᠠᠭᠠᠳ ᠲᠣᠳᠬᠠᠷ ᠢ ᠬᠠᠭᠠᠵᠤ ᠬᠠᠶᠢᠯᠠᠳᠠᠭ ᠬᠠᠲᠠᠭᠤ ᠬᠠᠷ᠎ᠠ ᠠᠭᠤᠯᠠ ᠪᠠᠷ ᠨᠤᠲᠤᠭ ᠲᠠᠢ 《ᠬᠠᠭᠠᠨ ᠰᠡᠴᠡᠨ ᠵᠢᠷᠤᠬᠠᠶᠢᠴᠢ》 ᠲᠤᠤᠯᠢ ᠨᠢ ᠨᠡᠩ ᠬᠠᠲᠠᠭᠤ ᠲᠤᠤᠯᠢ ᠶᠢᠨ ᠠᠩᠭᠢᠯᠠᠯ ᠳᠤ ᠣᠷᠣᠳᠠᠭ ᠤᠴᠢᠷ ᠵᠠᠶᠢᠯᠠᠰᠢ ᠦᠭᠡᠢ ᠡᠪᠦᠯ ᠦᠨ ᠤᠯᠠᠷᠢᠯ ᠳᠤ ᠬᠠᠶᠢᠯᠠᠵᠤ ᠶᠣᠰᠣ ᠳᠢᠭ ᠢ ᠪᠠᠷᠢᠳᠠᠭ ᠤᠯᠠᠮᠵᠢᠯᠠᠯᠲᠠᠢ ᠠᠵᠠᠢ᠃ ᠲᠤᠤᠯᠢ ᠶᠢᠨ ᠦᠷᠭᠦᠯᠵᠢᠯᠡᠬᠦ ᠬᠤᠭᠤᠴᠠᠭ᠎ᠠ 8-10 ᠴᠠᠭ ᠪᠥᠭᠡᠳ ᠵᠠᠪᠰᠠᠷᠯᠠᠭᠠᠨ ᠢᠶᠠᠷ ᠢᠵᠠᠭᠤᠷ ᠤᠷᠠᠯᠢᠭ ᠤᠨ ᠲᠣᠭᠯᠠᠯᠲᠠ᠂ ᠬᠣᠭᠣᠯᠠ ᠴᠠᠢ ᠪᠠᠷ ᠦᠢᠯᠡᠴᠢᠯᠡᠬᠦ ᠶᠤᠮ᠃
ᠲᠤᠤᠯᠢ ᠶᠢ ᠰᠢᠮᠡᠳᠦᠨ ᠰᠣᠨᠣᠰᠬᠤ ᠪᠠᠷ ᠢᠷᠡᠵᠦ ᠪᠤᠢ ᠦᠵᠡᠭᠴᠢᠳ ᠳᠤᠯᠠᠭᠠᠨ ᠬᠤᠪᠴᠠᠰᠤᠯᠠᠬᠤ᠂ ᠳᠡᠭᠡᠷᠡᠬᠢ ᠵᠠᠩ ᠦᠢᠯᠡ ᠨᠢ ᠮᠦᠽᠧᠢ ᠶᠢᠨ ᠤᠷᠴᠢᠨ ᠳᠤ ᠪᠣᠯᠬᠤ ᠲᠤᠯᠠ ᠣᠶᠢᠷ᠎ᠠ ᠣᠷᠴᠢᠮ ᠳᠤ ᠲᠠᠮᠠᠬᠢ ᠲᠠᠲᠠᠬᠤ ᠦᠭᠡᠢ᠂ ᠢᠯᠡ ᠵᠠᠳᠠᠭᠠᠢ ᠬᠣᠭ ᠬᠠᠶᠠᠬᠤ ᠦᠭᠡᠢ᠂ ᠰᠢᠯᠦᠰᠦ ᠪᠡᠨ ᠬᠠᠮᠢᠶ᠎ᠠ ᠦᠭᠡᠢ ᠬᠠᠶᠠᠬᠤ ᠦᠭᠡᠢ ᠪᠠᠶᠢᠬᠤ ᠵᠡᠷᠭᠡ ᠮᠦᠽᠧᠢ ᠶᠢᠨ ᠳᠦᠷᠢᠮ ᠢ ᠴᠢᠩᠳᠠᠯᠠᠨ ᠪᠠᠷᠢᠮᠲᠠᠯᠠᠬᠤ ᠶᠢ ᠠᠩᠬᠠᠷᠤᠭᠤᠯᠤᠭᠰᠠᠨ ᠪᠠᠶᠢᠨ᠎ᠠ᠃
ᠪᠠᠲᠤ 2018-11-07 122.201.31.84
ᠰᠠᠢᠢᠬᠠᠨ ᠠᠷᠭ᠎ᠠ ᠬᠡᠮᠵᠢᠶ᠎ᠡ ᠪᠣᠯᠬᠤ ᠨᠢ ᠡ