ᠾᠦᠩᠨᠤ ᠡᠶᠢᠷ ᠺᠣᠮᠫᠠᠨᠢ ᠡᠪᠦᠯ ᠦᠨ ᠨᠢᠰᠦᠯᠭᠡ ᠦᠢᠯᠡᠳᠴᠦ ᠪᠠᠶᠢᠨ᠎ᠠ | News.MN

ᠾᠦᠩᠨᠤ ᠡᠶᠢᠷ ᠺᠣᠮᠫᠠᠨᠢ ᠡᠪᠦᠯ ᠦᠨ ᠨᠢᠰᠦᠯᠭᠡ ᠦᠢᠯᠡᠳᠴᠦ ᠪᠠᠶᠢᠨ᠎ᠠ

ᠾᠦᠩᠨᠤ ᠡᠶᠢᠷ ᠺᠣᠮᠫᠠᠨᠢ ᠥᠩᠭᠡᠷᠡᠭᠰᠡᠨ ᠪᠢᠮᠪᠠ ᠭᠠᠷᠠᠭ ᠠᠴᠠ ᠡᠬᠢᠯᠡᠨ ᠤᠯᠠᠭᠠᠨᠪᠠᠭᠠᠲᠤᠷ-ᠮᠥᠷᠡᠨ-ᠤᠯᠠᠭᠠᠨᠪᠠᠭᠠᠲᠤᠷ ᠤᠨ ᠴᠢᠭᠯᠡᠯ ᠳᠦ ᠡᠪᠦᠯ ᠦᠨ ᠨᠢᠰᠦᠯᠭᠡ ᠦᠢᠯᠡᠳᠴᠦ ᠡᠬᠢᠯᠡᠯ᠎ᠡ᠃ ᠲᠤᠰ ᠠᠶᠢᠮᠠᠭ ᠨᠡᠶᠢᠰᠯᠡᠯ ᠲᠡᠢ ᠬᠠᠲᠠᠭᠤ ᠬᠤᠴᠢᠯᠲᠠ ᠲᠠᠢ ᠵᠠᠮ ᠢᠶᠠᠷ ᠬᠤᠯᠪᠤᠭᠳᠠᠭᠰᠠᠨ ᠠᠴᠠ ᠬᠣᠶᠢᠰᠢ ᠢᠷᠭᠡᠳ ᠠᠦ᠋ᠲ᠋ᠣ᠋ ᠲᠡᠭᠡᠭᠡᠪᠦᠷᠢ ᠶᠢᠨ ᠦᠢᠯᠡᠴᠢᠯᠡᠭᠡ ᠶᠢ ᠰᠣᠩᠭᠣᠭᠰᠠᠨ ᠤ ᠤᠯᠠᠮ ᠠᠴᠠ ᠡᠪᠦᠯ ᠦᠨ ᠴᠠᠭ ᠤᠨ ᠠᠭᠠᠷ ᠤᠨ ᠲᠡᠭᠡᠭᠡᠪᠦᠷᠢ ᠶᠢᠨ ᠦᠢᠯᠡᠴᠢᠯᠡᠭᠡ ᠬᠡᠰᠡᠭ ᠵᠣᠭᠰᠣᠭᠰᠠᠨ᠃ ᠬᠠᠷᠢᠨ ᠥᠩᠭᠡᠷᠡᠭᠰᠡᠨ ᠣᠨ ᠠᠴᠠ ᠡᠬᠢᠯᠡᠨ ᠡᠪᠦᠯ ᠦᠨ ᠨᠢᠰᠦᠯᠭᠡ ᠲᠡᠢ ᠪᠣᠯᠵᠤ ᠾᠦᠩᠨᠤ ᠡᠶᠢᠷ ᠺᠣᠮᠫᠠᠨᠢ ᠳᠣᠯᠣᠭ᠎ᠠ ᠬᠣᠨᠣᠭ ᠪᠦᠷᠢ ᠶᠢᠨ ᠮᠢᠭᠮᠠᠷ᠂ ᠪᠢᠮᠪᠠ ᠭᠠᠷᠠᠭ ᠲᠤ ᠡᠪᠦᠯ ᠦᠨ ᠨᠢᠰᠦᠯᠭᠡ ᠦᠢᠯᠡᠳᠴᠦ ᠪᠠᠶᠢᠨ᠎ᠠ᠃
ᠲᠤᠰ ᠺᠣᠮᠫᠠᠨᠢ ᠶᠢᠨ ᠡᠪᠦᠯ ᠦᠨ ᠨᠢᠰᠦᠯᠭᠡ ᠢᠷᠡᠬᠦ ᠣᠨ ᠤ 3 ᠰᠠᠷ᠎ᠠ ᠶᠢᠨ 30 ᠬᠦᠷᠲᠡᠯ᠎ᠡ ᠦᠷᠭᠦᠯᠵᠢᠯᠡᠨ᠎ᠡ᠃ ᠲᠣᠭᠲᠠᠮᠠᠯ ᠨᠢᠰᠦᠯᠭᠡ ᠲᠡᠢ ᠪᠣᠯᠤᠭᠰᠠᠨ ᠢᠶᠠᠷ ᠶᠠᠭᠠᠷᠠᠯᠲᠠᠢ ᠡᠷᠡᠭᠦᠯ ᠮᠡᠨᠳᠦ ᠶᠢᠨ ᠦᠢᠯᠡᠴᠢᠯᠡᠭᠡ ᠠᠪᠬᠤ ᠢᠷᠭᠡᠳ᠂ ᠭᠠᠳᠠᠭᠠᠳᠤ ᠳᠣᠲᠣᠭᠠᠳᠤ ᠶᠢᠨ ᠵᠢᠭᠤᠯᠴᠢᠳ ᠲᠤ ᠠᠭᠠᠷ ᠤᠨ ᠲᠡᠭᠡᠭᠡᠪᠦᠷᠢ ᠪᠡᠷ ᠵᠣᠷᠴᠢᠬᠤ ᠲᠠᠭᠠᠲᠠᠢ ᠪᠣᠯᠤᠮᠵᠢ ᠪᠥᠷᠢᠳᠴᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ