《ᠤᠭ᠍ᠶᠤᠲᠤᠯᠤᠭᠠᠢ》 ᠍ ᠶᠢᠨ ᠠᠰᠢᠭ ᠭᠤᠷᠪᠠ ᠳᠠᠬᠢᠨ ᠪᠠᠭᠤᠷᠠᠵᠠᠢ | News.MN

《ᠤᠭ᠍ᠶᠤᠲᠤᠯᠤᠭᠠᠢ》 ᠍ ᠶᠢᠨ ᠠᠰᠢᠭ ᠭᠤᠷᠪᠠ ᠳᠠᠬᠢᠨ ᠪᠠᠭᠤᠷᠠᠵᠠᠢ

《ᠤᠭ᠍ᠶᠤᠲᠤᠯᠤᠭᠠᠢ 》 ᠶᠢᠨ ᠬᠥᠷᠥᠩᠭᠡ ᠣᠷᠣᠭᠤᠯᠤᠭᠴᠢ Turquoise Hill Resources ᠺᠣᠮᠫᠠᠨᠢ ᠡᠨᠡ ᠣᠨ ᠤ ᠭᠤᠷᠪᠠᠳᠤᠭᠠᠷ ᠤᠯᠠᠷᠢᠯ ᠤᠨ ᠰᠠᠩᠬᠦᠦ

ᠶᠢᠨ ᠲᠠᠶᠢᠯᠤᠨ ᠢᠶᠠᠨ ᠲᠠᠨᠢᠯᠴᠠᠭᠤᠯᠪᠠ᠃ ᠲᠠᠶᠢᠯᠤᠩᠲᠤ ᠬᠤᠭᠤᠴᠠᠭᠠᠨ ᠳᠤ ᠲᠤᠰ ᠺᠣᠮᠫᠠᠨᠢ

ᠶᠢᠨ ᠠᠰᠢᠭ 15.2 ᠰᠠᠶ᠎ᠠ.ᠳ᠋ᠣᠯᠯᠠᠷ ᠪᠣᠯᠤᠭᠰᠠᠨ ᠨᠢ ᠥᠩᠭᠡᠷᠡᠭᠰᠡᠨ ᠣᠨ ᠤ ᠮᠥᠨ ᠦᠶ᠎ᠡ ᠡᠴᠡ ᠭᠤᠷᠪᠠ ᠳᠠᠬᠢᠨ ᠪᠠᠭᠤᠷᠠᠭᠰᠠᠨ ᠦᠵᠡᠭᠦᠯᠦᠯᠲᠡ ᠠᠵᠠᠢ ᠃ ᠲᠣᠳᠣᠷᠠᠭᠤᠯᠪᠠᠯ᠂ ︽ᠤᠭ᠍ᠶᠤᠲᠤᠯᠤᠭᠠᠢ 》 ᠶᠢᠨ ᠪᠠᠶᠠᠵᠢᠮᠠᠯ ᠳ᠋ᠡᠬᠢ  ᠵᠡᠰ ᠦᠨ ᠭᠠᠷᠴᠠ  ᠵᠢᠯ ᠦᠨ ᠡᠮᠦᠨᠡᠬᠢ ᠡᠴᠡ 6.8  ᠬᠤᠪᠢ ᠪᠠᠷ ᠥᠰᠴᠦ᠂ 39 ᠮᠢᠩᠭ᠎ᠠ 400 ᠲᠣᠨ᠂ ᠬᠠᠷᠢᠨ ᠪᠠᠶᠠᠵᠢᠮᠠᠯ ᠳ᠋ᠡᠬᠢ ᠠᠯᠲᠠᠨ ᠤ ᠭᠠᠷᠴᠠ 148.4  ᠬᠤᠪᠢ  ᠪᠠᠷ ᠥᠰᠴᠦ᠂ 77 ᠮᠢᠩᠭᠠᠨ ᠤᠨᠼ ᠪᠣᠯᠵᠠᠢ᠃
ᠲᠠᠶᠢᠯᠤᠩᠲᠤ ᠬᠤᠭᠤᠴᠠᠭᠠᠨ ᠳᠤ ᠣᠯᠪᠤᠷᠢᠯᠠᠭᠰᠠᠨ ᠪᠠᠶᠠᠵᠢᠮᠠᠯ ᠳ᠋ᠡᠬᠢ ᠠᠯᠲᠠᠨ ᠤ ᠠᠭᠤᠯᠤᠮᠵᠢ ᠥᠨᠳᠥᠷ  ᠪᠠᠶᠢᠭᠰᠠᠨ  ᠢᠶᠠᠷ ᠣᠷᠣᠯᠭ᠎ᠠ ᠨᠢ 246.5 ᠰᠠᠶ᠎ᠠ ᠳ᠋ᠣᠯᠯᠠᠷ ᠬᠦᠷᠴᠦ᠂ 2017 ᠣᠨ ᠤ ᠮᠥᠨ ᠦᠶ᠎ᠡ ᠲᠡᠢ  ᠤᠶᠢᠷᠠᠯᠴᠠᠭ᠎ᠠ ᠭᠠᠷᠤᠭᠰᠠᠨ ᠠᠵᠠᠢ᠃ ᠲᠤᠰ ᠺᠣᠮᠫᠠᠨᠢ ᠨᠢ 2018 ᠣᠨ ᠳᠤ  ᠦᠢᠯᠡ ᠠᠵᠢᠯᠯᠠᠭᠠᠨ ᠳᠤ ᠪᠠᠨ ᠵᠠᠷᠤᠴᠠᠭᠤᠯᠬᠤ ᠪᠡᠯᠡᠨ ᠮᠦᠩᠭᠦᠨ ᠦ ᠵᠠᠷᠤᠳᠠᠯ 700 ᠰᠠᠶ᠎ᠠ ᠳ᠋ᠣᠯᠯᠠᠷ  ᠪᠠᠶᠢᠭᠰᠠᠨ ᠢ 800 ᠰᠠᠶ᠎ᠠ ᠪᠣᠯᠭᠠᠨ ᠨᠡᠮᠡᠭᠳᠡᠭᠦᠯᠦᠭᠰᠡᠨ  ᠪᠠᠶᠢᠨ᠎ᠠ ᠃ ᠪᠣᠷᠣᠯᠠᠭᠤᠯᠤᠯᠲᠠ ᠶᠢᠨ ᠣᠷᠣᠯᠭ᠎ᠠ ᠦᠰᠦᠭᠰᠡᠨ ᠲᠡᠢ ᠬᠤᠯᠪᠤᠭ᠎ᠠ ᠲᠠᠢ ᠪᠠᠷ ᠲᠡᠭᠡᠭᠡᠪᠦᠷᠢ᠂ ᠷᠤᠶᠠᠯᠲ ᠤᠨ ᠵᠠᠷᠤᠳᠠᠯ ᠥᠰᠦᠭᠰᠡᠨ ᠨᠢ ᠡᠭᠦᠨ ᠳᠦ ᠨᠥᠯᠦᠭᠡᠯᠡᠵᠡᠢ᠃ ᠬᠠᠷᠢᠨ ᠴᠡᠪᠡᠷ ᠠᠰᠢᠭ ᠨᠢ ᠥᠩᠭᠡᠷᠡᠭᠰᠡᠨ ᠣᠨ ᠤ  ᠭᠤᠷᠪᠠᠳᠤᠭᠠᠷ ᠤᠯᠠᠷᠢᠯ ᠳᠤ 47.7 ᠰᠠᠶ᠎ᠠ ᠳ᠋ᠣᠯᠯᠠᠷ  ᠪᠠᠶᠢᠭᠰᠠᠨ ᠪᠣᠯ ᠡᠨᠡ ᠣᠨ ᠳᠤ 15.2 ᠰᠠᠶ᠎ᠠ ᠳ᠋ᠣᠯᠯᠠᠷ ᠪᠣᠯᠵᠤ᠂ ᠭᠤᠷᠪᠠ ᠳᠠᠬᠢᠨ ᠪᠠᠭᠠᠰᠤᠭᠰᠠᠨ ᠪᠠᠶᠢᠨ᠎ᠠ ᠃ ᠳᠠᠰᠢᠷᠠᠮ ᠳᠤ ᠳᠤᠷᠠᠳᠬᠤ ᠳᠤ᠂ ︽ᠲᠠᠪᠤᠨᠲᠤᠯᠤᠭᠠᠢ ︾ ᠴᠠᠬᠢᠯᠭᠠᠨ ᠰᠲ᠋ᠠᠨᠼ ᠪᠠᠷᠢᠬᠤ ᠪᠠᠷ ᠵᠠᠷᠴᠢᠮ ᠤᠨ ᠲᠣᠬᠢᠷᠠᠯᠴᠠᠭᠠᠨ ᠳᠤ ᠬᠦᠷᠬᠦ ᠬᠡᠯᠡᠯᠴᠡᠭᠡ ᠦᠷᠭᠦᠯᠵᠢᠯᠡᠵᠦ  ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Dede 2018-11-07 202.21.96.134

Goy site shuu Erka bi chamd hairtai shuu unsey