ᠪ∙ᠪᠠᠲᠤᠽᠣᠷᠢᠭ  ᠢ ᠲᠦᠳᠡᠭᠡᠯᠵᠡᠭᠦᠯᠬᠦ ᠡᠰᠡᠬᠦ ᠠᠰᠠᠭᠤᠳᠠᠯ  ᠢ ᠰᠢᠢᠳᠤᠨ᠎ᠠ | News.MN

ᠪ∙ᠪᠠᠲᠤᠽᠣᠷᠢᠭ  ᠢ ᠲᠦᠳᠡᠭᠡᠯᠵᠡᠭᠦᠯᠬᠦ ᠡᠰᠡᠬᠦ ᠠᠰᠠᠭᠤᠳᠠᠯ  ᠢ ᠰᠢᠢᠳᠤᠨ᠎ᠠ

ᠤᠯᠤᠰ ᠤᠨ ᠶᠡᠬᠡ ᠬᠤᠷᠠᠯ ᠳ᠋ᠠᠬᠢ  ᠮᠤᠩᠭᠤᠯ ᠠᠷᠠᠳ ᠤᠨ ᠨᠠᠮ ᠤᠨ ᠪᠦᠯᠦᠭ ᠬᠤᠷᠠᠯᠳᠤᠵᠤ ᠭᠠᠷᠭᠠᠭᠰᠠᠨ ᠰᠢᠢᠳᠪᠦᠷᠢ ᠪᠡᠨ ᠲᠠᠨᠢᠯᠴᠠᠭᠤᠯᠤᠯ᠎ᠠ᠃ ᠪᠦᠯᠦᠭ ᠦᠨ ᠳᠠᠷᠤᠭ᠎ᠠ ᠳ∙ᠬᠠᠶᠢᠶ᠋ᠢᠩᠬᠠᠶᠢᠷᠸ᠎ᠠ ᠄   ᠪ∙ᠪᠠᠲᠤᠽᠣᠷᠢᠭ ᠰᠠᠶᠢᠳ ᠤᠨ ᠬᠦᠰᠡᠯᠲᠡ ᠶᠢ ᠪᠦᠯᠦᠭ ᠦᠨ ᠬᠤᠷᠠᠯ ᠢᠶᠠᠷ ᠶᠠᠷᠢᠭᠰᠠᠨ᠃ ᠫᠷᠣᠺᠤᠷᠣᠷ ᠠᠴᠠ ᠲᠡᠭᠦᠨ ᠢ ᠤᠯᠤᠰ ᠤᠨ ᠶᠡᠬᠡ ᠬᠤᠷᠠᠯ ᠠᠴᠠ ᠲᠦᠳᠡᠭᠡᠯᠵᠡᠭᠦᠯᠬᠦ ᠰᠠᠨᠠᠯ ᠢᠷᠡᠭᠰᠡᠨ᠃ ᠥᠨᠥᠳᠥᠷ ᠰᠠᠶᠢᠳ ᠤᠨ ᠠᠵᠢᠯ ᠠᠴᠠ ᠤᠭᠴᠠᠷᠠᠭᠤᠯᠬᠤ ᠠᠰᠠᠭᠤᠳᠠᠯ ᠢ ᠥᠪᠡᠷ ᠦᠨ ᠬᠢᠨᠢ ᠬᠦᠰᠡᠯᠲᠡ ᠶᠢ ᠦᠨᠳᠦᠰᠦᠯᠡᠵᠦ ᠶᠠᠷᠢᠯᠴᠠᠭᠰᠠᠨ᠃ ᠮᠠᠷᠭᠠᠰᠢ 11᠄00 ᠴᠠᠭ ᠠᠴᠠ ᠴᠢᠭᠤᠯᠭᠠᠨ ᠬᠤᠷᠠᠯᠳᠤᠭᠠᠳ ᠲᠡᠭᠦᠨ ᠦ ᠳᠠᠷᠠᠭ᠎ᠠ ᠪᠦᠯᠦᠭ ᠳᠠᠬᠢᠨ ᠬᠤᠷᠠᠯᠳᠤᠵᠤ ᠫᠷᠣᠺᠦᠷᠣᠷ ᠠᠴᠠ ᠢᠷᠡᠭᠰᠡᠨ ᠲᠦᠳᠡᠭᠡᠯᠵᠡᠭᠦᠯᠬᠦ ᠰᠠᠨᠠᠯ ᠢ ᠬᠡᠯᠡᠯᠴᠡᠭᠡᠳ ᠶᠠᠪᠤᠶ᠎ᠠ ᠭᠡᠳᠡᠭ ᠳᠡᠭᠡᠷ᠎ᠡ ᠰᠠᠨᠠᠯ ᠨᠢᠭᠡᠳᠦᠭᠰᠡᠨ᠃ ᠤᠯᠤᠰ ᠤᠨ ᠶᠡᠬᠡ ᠬᠤᠷᠠᠯ ᠤᠨ ᠭᠡᠰᠢᠭᠦᠨ ᠢ ᠲᠦᠳᠡᠭᠡᠯᠵᠡᠭᠦᠯᠬᠦ ᠠᠰᠠᠭᠤᠳᠠᠯ ᠶᠠᠷᠢᠭᠳᠠᠭᠰᠠᠨ ᠲᠣᠬᠢᠶᠠᠯᠳᠤᠯ ᠳᠤ 48 ᠴᠠᠭ ᠤᠨ ᠳᠣᠲᠣᠷ᠎ᠠ ᠰᠢᠢᠳᠪᠦᠷᠢᠯᠡᠨ᠎ᠡ ᠭᠡᠰᠡᠨ ᠵᠢᠷᠤᠮ ᠪᠤᠢ᠃ ᠲᠡᠭᠦᠨ ᠦ ᠳᠠᠭᠠᠤ ᠶᠠᠷᠢᠯᠴᠠᠭᠠᠳ ᠭᠤᠷᠪᠠᠳᠠᠬᠢ ᠡᠳᠦᠷ ᠭᠡᠬᠦ ᠳᠦ ᠡᠨᠡ ᠠᠰᠠᠭᠤᠳᠠᠯ ᠡᠴᠦᠰᠯᠡᠭᠳᠡᠨ᠎ᠡ᠃ ᠪᠤᠰᠤᠳ ᠭᠡᠰᠢᠭᠦᠳ ᠦᠨ ᠬᠤᠪᠢ ᠳᠤ ᠨᠠᠮ ᠤᠨ ᠳᠠᠷᠤᠭ᠎ᠠ᠂ ᠶᠡᠷᠦᠩᠬᠡᠢ ᠰᠠᠶᠢᠳ ᠤᠨ ᠵᠦᠭ ᠡᠴᠡ ᠡᠳᠡᠭᠡᠷ ᠬᠦᠮᠦᠰ ᠢ  ᠵᠢᠭᠡᠯᠡ ᠪᠡᠨ ᠶᠠᠭᠠᠷᠠᠯᠲᠠᠢ ᠡᠷᠭᠢᠨ ᠲᠦᠯᠦ᠂ ᠬᠠᠤᠯᠢ ᠬᠢᠨᠠᠯᠲᠠ ᠶᠢᠨ ᠪᠠᠶᠢᠭᠤᠯᠤᠯᠭ᠎ᠠ ᠪᠠᠷ ᠰᠢᠯᠭᠠᠭᠤᠯ᠂  ᠪᠤᠷᠤᠭᠤ ᠲᠠᠢ ᠨᠢ ᠲᠣᠭᠲᠠᠭᠠᠭᠳᠠᠪᠠᠯ ᠳᠠᠷᠠᠭ᠎ᠠ ᠳᠠᠷᠠᠭ᠎ᠠ ᠶᠢᠨ ᠠᠷᠭ᠎ᠠ ᠬᠡᠮᠵᠢᠶ᠎ᠡ ᠶᠢ ᠠᠪᠤᠨ᠎ᠠ ᠭᠡᠳᠡᠭ ᠢᠶᠡᠨ ᠮᠡᠳᠡᠭᠳᠡᠭᠰᠡᠨ᠃ ᠪᠤᠰᠤᠳ ᠲᠣᠬᠢᠶᠠᠯᠳᠤᠯ ᠳᠤ ᠶᠣᠰᠣ ᠵᠦᠢ ᠶᠢᠨ ᠠᠯᠳᠠᠭ᠎ᠠ ᠭᠠᠷᠭᠠᠭᠰᠠᠨ ᠭᠡᠳᠡᠭ ᠤᠳᠬ᠎ᠠ ᠪᠠᠷ ᠠᠷᠠᠳ ᠲᠦᠮᠡᠨ ᠡᠴᠡ ᠠᠭᠤᠴᠢᠯᠠᠯ ᠭᠤᠶᠤᠬᠤ ᠶᠣᠰᠣᠲᠠᠢ ᠭᠡᠳᠡᠭ ᠪᠠᠶᠢᠷᠢ ᠰᠠᠭᠤᠷᠢ ᠬᠡᠪ ᠢᠶᠡᠷ ᠪᠠᠶᠢᠭ᠎ᠠ ᠭᠡᠯ᠎ᠡ᠃

ᠰᠡᠳᠬᠢᠭᠳᠡᠯ ᠦᠯᠡᠳᠡᠭᠡᠬᠦ