ᠲ∙ᠵᠠᠮᠢᠶᠠᠨᠰᠦ᠋ᠷᠦᠩ ᠦᠨ ᠪᠦᠲᠦᠭᠡᠯ ᠰᠢᠯᠢᠳᠡᠭ ᠢᠶᠡᠷ ᠰᠢᠯᠭᠠᠷᠠᠪᠠ | News.MN

ᠲ∙ᠵᠠᠮᠢᠶᠠᠨᠰᠦ᠋ᠷᠦᠩ ᠦᠨ ᠪᠦᠲᠦᠭᠡᠯ ᠰᠢᠯᠢᠳᠡᠭ ᠢᠶᠡᠷ ᠰᠢᠯᠭᠠᠷᠠᠪᠠ

ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ᠂ ᠮᠣᠩᠭᠣᠯ ᠪᠠᠬᠠᠷᠬᠠᠯ ᠤᠨ ᠡᠳᠦᠷ ᠲᠦ ᠵᠣᠷᠢᠭᠤᠯᠤᠭᠰᠠᠨ ︽ᠮᠥᠩᠬᠡ ᠲᠩᠷᠢ ᠶᠢᠨ ᠪᠢᠴᠢᠭ 2018 ︾ ᠦᠵᠡᠰᠬᠦᠯᠡᠩ ᠥᠨᠥᠳᠥᠷ ᠮᠣᠩᠭᠣᠯ ᠤᠨ ᠤᠷᠠᠨ ᠵᠢᠷᠤᠭ ᠤᠨ ᠭᠠᠯᠧᠷᠧᠢ ᠳᠦ ᠨᠡᠭᠡᠭᠡᠭᠳᠡᠯ᠎ᠡ᠃
ᠮᠣᠩᠭᠣᠯ ᠤᠯᠤᠰ ᠤᠨ ᠶᠡᠷᠦᠩᠬᠡᠶᠢᠯᠡᠭᠴᠢ ᠦᠵᠡᠰᠬᠦᠯᠡᠩ ᠦᠨ ᠨᠡᠭᠡᠭᠡᠯᠲᠡ ᠳᠦ ᠣᠷᠣᠯᠴᠠᠵᠤ ᠰᠢᠯᠢᠳᠡᠭ ᠪᠣᠯᠤᠨ ᠲᠤᠰᠬᠠᠢ ᠱᠠᠩᠨᠠᠯ ᠢ ᠭᠠᠷᠳᠠᠭᠤᠯᠵᠤ ᠥᠭᠭᠦᠯ᠎ᠡ᠃
ᠰᠢᠯᠢᠳᠡᠭ ᠪᠦᠲᠦᠭᠡᠯ ᠢᠶᠡᠷ ᠺᠠᠯᠯᠢᠭᠷᠠᠹ ᠤᠨ ᠶᠡᠬᠡ ᠮᠠᠰᠲ᠋ᠸᠷ ᠲ∙ᠵᠠᠮᠢᠶᠠᠨᠰᠦ᠋ᠷᠦᠩ ᠦᠨ ︽ᠮᠥᠩᠬᠡ ᠲᠩᠷᠢ ᠶᠢᠨ ᠪᠢᠴᠢᠭ ︾  ᠰᠢᠯᠭᠠᠷᠠᠵᠤ ᠂ ᠡᠷᠭᠦᠮᠵᠢᠯᠡᠯ᠂ ᠮᠥᠩᠭᠥᠨ ᠱᠠᠩᠨᠠᠯ ᠠᠪᠤᠯ᠎ᠠ᠃ ᠡᠨᠡ ᠪᠦᠲᠦᠭᠡᠯ ᠨᠢ 8 ᠳ᠋ᠡᠬᠢ ᠵᠢᠯ ᠳᠦ ᠪᠡᠨ ᠲᠤᠰ ᠦᠵᠡᠰᠬᠦᠯᠡᠩ ᠦᠨ ᠪᠡᠯᠭᠡ ᠲᠡᠮᠳᠡᠭ ᠪᠣᠯᠵᠤ ᠪᠠᠶᠢᠭ᠎ᠠ ᠶᠤᠮ᠃  ᠲᠤᠰᠬᠠᠢ ᠱᠠᠩᠨᠠᠯ ᠳᠦ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠡᠴᠡ ᠤᠷᠤᠯᠴᠠᠭᠰᠠᠨ ᠴᠡᠩᠭᠡᠯ ᠦᠨ ︽ᠪᠢᠯᠢᠭ ᠪᠠᠷᠠᠮᠢᠳ︾ ᠪᠦᠲᠦᠭᠡᠯ ᠰᠢᠯᠭᠠᠷᠠᠯ᠎ᠠ᠃ ᠲᠡᠷᠡᠪᠡᠷ ᠪᠦᠲᠦᠭᠡᠯ ᠢᠶᠡᠨ ᠮᠣᠩᠭᠣᠯ ᠪᠢᠴᠢᠭ᠂ ᠲᠣᠳᠣ᠂ ᠸᠠᠭᠢᠨᠳᠠᠷ᠎ᠠ ᠭᠡᠰᠡᠨ ᠭᠤᠷᠪᠠᠨ ᠪᠢᠴᠢᠭ ᠦᠰᠦᠭ ᠢᠶᠡᠷ ᠲᠤᠭᠤᠷᠪᠢᠵᠠᠢ᠃
ᠮᠥᠨ ᠡᠨᠡ ᠦᠶ᠎ᠡ ᠪᠡᠷ ᠶᠡᠷᠦᠩᠬᠡᠶᠢᠯᠡᠭᠴᠢ ᠬ∙ᠪᠠᠲᠤᠲᠤᠯᠭ᠎ᠠ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠲᠥᠯᠥᠭᠡᠯᠡᠭᠴᠢᠳ  ︽ᠮᠣᠩᠭᠣᠯ ᠤᠨ ᠨᠢᠭᠤᠴᠠ ᠲᠤᠪᠴᠢᠶᠠᠨ︾  ᠢ ᠮᠣᠩᠭᠣᠯ ᠤᠷᠠᠨ ᠪᠢᠴᠢᠯᠭᠡ ᠪᠡᠷ 49 ᠬᠤᠶᠢᠯᠠᠪᠤᠷᠢ ᠳᠡᠭᠡᠷ᠎ᠡ ᠪᠦᠷᠢᠨ ᠪᠢᠴᠢᠭᠰᠡᠨ᠂ ᠠᠭᠠᠷᠤ ᠽᠠᠨᠳᠠᠨ ᠠᠪᠳᠠᠷ᠎ᠠ ᠲᠠᠢ ᠡᠬᠡ ᠶᠢ ᠬᠦᠯᠢᠶᠡᠯᠭᠡᠵᠦ ᠦᠭᠭᠦᠯ᠎ᠡ ᠃《ᠮᠥᠩᠬᠡ ᠲᠩᠷᠢ ᠶᠢᠨ ᠪᠢᠴᠢᠭ 2018》 ᠮᠣᠩᠭᠣᠯ ᠤᠷᠠᠨ ᠪᠢᠴᠢᠯᠭᠡ ᠶᠢᠨ ᠣᠯᠠᠨ ᠤᠯᠤᠰ ᠤᠨ ᠦᠵᠡᠰᠬᠦᠯᠡᠩ ᠨᠢ ᠨᠠᠰᠤᠨ ᠳᠤ ᠬᠦᠷᠦᠭᠴᠢᠳ ᠪᠣᠯᠤᠨ ᠰᠤᠷᠤᠭᠴᠢᠳ ᠤᠨ ᠪᠦᠲᠦᠭᠡᠯ ᠦᠨ ᠬᠣᠶᠠᠷ ᠠᠩᠭᠢᠯᠠᠯ ᠲᠠᠢ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠪᠠᠲᠤ 2018-11-06 150.129.141.56

ᠵᠠᠷᠢᠮ ᠮᠡᠳᠡᠭᠡᠨ ᠳᠡᠭᠡᠷ᠎ᠡ  ᠪᠡᠨ ᠵᠢᠷᠤᠭ ᠲᠠᠯᠪᠢᠵᠤ ᠪᠠᠢᠢᠮᠠᠷ ᠪᠠᠢᠢᠨ᠎ᠠ ᠠ᠋᠃ ᠰᠢᠯᠭᠠᠷᠠᠭᠰᠠᠨ ᠪᠦᠲᠦᠭᠡᠯ ‍ᠣᠳ ᠵᠢᠷᠤᠭ  ᠢ ᠦᠵᠡᠮᠡᠷ ᠪᠠᠢᠢᠨ᠎ᠠ᠃