ᠮᠣᠩᠭᠣᠯ ᠤᠨ ᠰᠠᠬᠠᠯ ᠲᠠᠢ ᠵᠠᠯᠠᠭᠤᠰ ᠬᠣᠣᠷᠲᠤ ᠬᠠᠪᠤᠳᠠᠷ ᠤᠨ ᠡᠰᠡᠷᠭᠦ ᠨᠢᠭᠡᠳᠪᠡ | News.MN

ᠮᠣᠩᠭᠣᠯ ᠤᠨ ᠰᠠᠬᠠᠯ ᠲᠠᠢ ᠵᠠᠯᠠᠭᠤᠰ ᠬᠣᠣᠷᠲᠤ ᠬᠠᠪᠤᠳᠠᠷ ᠤᠨ ᠡᠰᠡᠷᠭᠦ ᠨᠢᠭᠡᠳᠪᠡ

ᠳᠡᠯᠡᠬᠡᠢ ᠨᠡᠶᠢᠲᠡ ᠪᠡᠷ 2003 ᠣᠨ ᠠᠴᠠ ᠡᠬᠢᠯᠡᠨ ᠠᠷᠪᠠᠨ ᠨᠢᠭᠡᠳᠦᠭᠡᠷ ᠰᠠᠷ᠎ᠠ ᠶᠢ No Shave November ᠪᠤᠶᠤ ᠰᠠᠷ᠎ᠠ ᠶᠢᠨ ᠲᠤᠷᠰᠢ ᠰᠠᠬᠠᠯ ᠦᠰᠦ ᠪᠡᠨ ᠬᠤᠰᠤᠬᠤ ᠦᠭᠡᠢ ᠠᠷᠠᠰᠤ ᠪᠠᠨ ᠠᠮᠠᠷᠠᠭᠠᠳᠠᠭ ᠰᠠᠷ᠎ᠠ ᠪᠣᠯᠭᠠᠨ ᠥᠩᠭᠡᠷᠡᠭᠦᠯᠳᠡᠭ᠃ ᠮᠥᠨ ᠲᠤᠬᠠᠢ ᠶᠢᠨ ᠰᠠᠷ᠎ᠠ ᠳᠤ ᠰᠠᠬᠠᠯ ᠬᠤᠰᠤᠬᠤ ᠪᠦᠲᠦᠭᠡᠭᠳᠡᠬᠦᠨ ᠳᠦ ᠵᠠᠷᠤᠴᠠᠭᠤᠯᠳᠠᠭ ᠮᠥᠩᠭᠥ ᠪᠡᠨ ᠬᠣᠣᠷᠲᠤ ᠬᠠᠪᠤᠳᠠᠷ ᠤᠨ  ᠡᠰᠡᠷᠭᠦ ᠰᠠᠩ ᠳᠤ ᠬᠠᠨᠳᠢᠪᠯᠠᠳᠠᠭ ᠤᠯᠠᠮᠵᠢᠯᠠᠯ ᠲᠠᠢ ᠪᠢᠯᠡ᠃
ᠡᠨᠡ ᠰᠠᠷ᠎ᠠ ᠶᠢᠨ 10 ᠍ ᠤ ᠡᠳᠦᠷ Gandan View ᠍ ᠳᠦ 19᠄00 ᠴᠠᠭ ᠠᠴᠠ ᠮᠣᠩᠭᠣᠯ ᠤᠨ ᠰᠠᠬᠠᠯ ᠲᠠᠢ ᠵᠠᠯᠠᠭᠤᠰ ᠨᠢᠭᠡᠳᠦᠨ ᠬᠡᠦᠬᠡᠳ ᠦᠨ ᠬᠣᠣᠷᠲᠤ ᠬᠠᠪᠤᠳᠠᠷ ᠤᠨ ᠡᠰᠡᠷᠭᠦ ᠰᠠᠩ ᠳᠤ ᠲᠤᠰᠠᠯᠠᠮᠵᠢ ᠦᠵᠡᠭᠦᠯᠬᠦ ᠵᠣᠷᠢᠯᠭ᠎ᠠ ᠪᠠᠷ  ᠬᠤᠶᠠᠳᠠᠬᠢ ᠵᠢᠯ ᠳᠦ ᠪᠡᠨ No shave november ᠍ ᠢ ᠲᠡᠮᠳᠡᠭᠯᠡᠨ ᠥᠩᠭᠡᠷᠡᠭᠦᠯᠬᠦ ᠶᠤᠮ᠃ ᠲᠤᠰ ᠡᠳᠦᠷᠯᠢᠭ ᠢᠶᠡᠷ ᠢᠷᠡᠭᠰᠡᠨ ᠵᠣᠴᠢᠳ ᠲᠠᠢ ᠰᠣᠨᠢᠷᠬᠠᠯᠲᠠᠢ ᠶᠠᠷᠢᠶ᠎ᠠ ᠥᠷᠨᠢᠭᠦᠯᠬᠦ ᠶᠢᠨ ᠵᠡᠷᠭᠡᠴᠡᠭᠡ ᠴᠢᠯᠦᠭᠡᠲᠦ ᠲᠣᠭᠯᠠᠭᠠᠮ᠂ ᠲᠡᠮᠡᠴᠡᠭᠡᠨ ᠤᠷᠤᠯᠳᠤᠭᠠᠨ ᠵᠣᠬᠢᠶᠠᠨ ᠪᠠᠶᠢᠭᠤᠯᠤᠭᠳᠠᠬᠤ ᠠᠵᠡᠢ᠃

ᠰᠡᠳᠬᠢᠭᠳᠡᠯ ᠦᠯᠡᠳᠡᠭᠡᠬᠦ