ᠬᠠᠶᠢᠷ᠎ᠠ ᠶᠢᠨ ᠰᠢᠯᠦᠭ ᠦᠨ ︽ᠴᠠᠭᠠᠨ-ᠠᠭᠤᠯᠠ 2018︾ ᠨᠠᠭᠠᠳᠤᠮ ᠤᠨ ᠬᠤᠶᠠᠳᠤᠭᠠᠷ ᠱᠠᠲᠤᠨ ᠤ ᠰᠢᠯᠭᠠᠷᠠᠭᠤᠯᠤᠯᠲᠠ ᠥᠨᠥᠳᠥᠷ ᠪᠣᠯᠵᠤ᠂ ᠰᠢᠯᠢᠳᠡᠭ ᠦᠳ ᠢᠶᠡᠨ ᠲᠣᠳᠣᠷᠠᠭᠤᠯᠤᠯ᠎ᠠ᠃
ᠡᠨᠡ ᠵᠢᠯ ᠦᠨ ᠨᠠᠭᠠᠳᠤᠮ ᠢ ︽ᠪᠦᠲᠦᠭᠡᠨ ᠪᠠᠶᠢᠭᠤᠯᠤᠭᠴᠢ ᠵᠠᠯᠠᠭᠤᠴᠤᠳ ᠢ ᠬᠠᠶᠢᠷ᠎ᠠ ᠪᠠᠷ ᠬᠥᠭᠯᠡᠶᠡ》 ᠤᠷᠢᠶᠠᠨ ᠳᠣᠣᠷ᠎ᠠ ᠵᠣᠬᠢᠶᠠᠨ ᠪᠠᠶᠢᠭᠤᠯᠤᠭᠰᠠᠨ ᠪᠥᠭᠡᠳ ᠨᠠᠭᠠᠳᠤᠮ ᠳᠤ ᠬᠣᠲᠠ᠂ ᠬᠥᠳᠡᠭᠡ ᠶᠢᠨ 100 ᠭᠠᠷᠤᠢ ᠨᠠᠶᠢᠷᠠᠭᠴᠢ ᠰᠢᠯᠦᠭ ᠢᠶᠡᠨ ᠢᠷᠡᠭᠦᠯᠦᠭᠰᠡᠨ ᠶᠤᠮ᠃ ᠡᠭᠦᠨ ᠡᠴᠡ ᠰᠢᠯᠢᠳᠡᠭ 60 ᠭᠠᠷᠤᠢ ᠨᠠᠶᠢᠷᠠᠭᠴᠢ ᠰᠡᠭᠦᠯ ᠦᠨ ᠱᠠᠲᠤᠨ ᠳᠤ ᠥᠷᠢᠰᠦᠯᠳᠦᠭᠰᠡᠨ ᠡᠴᠡ ᠵᠠᠯᠠᠭᠤ ᠢᠷᠠᠭᠤ ᠨᠠᠶᠢᠷᠠᠭᠴᠢ᠂ ᠰᠡᠳᠬᠦᠯᠴᠢ ᠪ∙ᠠᠯᠲᠠᠨᠬᠤᠶᠠᠭ ᠲᠡᠷᠢᠭᠦᠯᠡᠪᠡ᠃ ᠤᠳᠠᠭᠠᠬᠢ ᠪᠠᠶᠢᠷᠢ ᠨᠤᠭᠤᠳ ᠲᠤ ᠭᠣᠪᠢ-ᠠᠯᠲᠠᠢ ᠠᠶᠢᠮᠠᠭ ᠤᠨ ᠣᠷᠣᠯᠴᠠᠭᠴᠢ ᠪ∙ᠭᠠᠩᠬᠦ᠋ᠷᠡᠯ᠂ ᠲ∙ᠳᠠᠷᠬᠠᠨᠬᠦ᠋ᠪᠰᠦᠭᠦᠯ᠂ ᠪ∙ᠵᠠᠮᠪᠠᠯᠳᠣᠷᠵᠢ᠂ ᠰ∙ᠸᠴᠢᠷᠲᠡᠮᠦᠷ ᠨᠠᠷ ᠰᠢᠯᠭᠠᠷᠠᠪᠠ᠃
ᠵᠠᠯᠠᠭᠤ ᠰᠡᠳᠬᠦᠯᠴᠢ ᠪ∙ᠠᠯᠲᠠᠨᠬᠤᠶᠠᠭ ᠰᠡᠳᠬᠦᠯ ᠵᠦᠢ ᠶᠢᠨ ᠰᠢᠯᠢᠳᠡᠭ ᠪᠦᠲᠦᠭᠡᠯ ᠳᠦ ᠣᠯᠭᠤᠳᠠᠭ 10 ᠳ᠋ᠠᠬᠢ ᠤᠳᠠᠭ᠎ᠠ ᠶᠢᠨ ︽ᠪᠠᠯᠳᠣᠷᠵᠢ︾ ᠱᠠᠩᠨᠠᠯ ᠢ ︽ᠠᠨᠢᠷ ᠦᠭᠡᠢ ᠶᠢᠨ ᠭᠦᠨ ᠳ᠋ᠡᠬᠢ ᠴᠠᠭ ᠬᠤᠭᠤᠴᠠᠭ᠎ᠠ ︾ ᠨᠡᠶᠢᠲᠡᠯᠡᠯ ᠢᠶᠡᠷ ᠢᠶᠡᠨ ᠬᠦᠷᠲᠡᠭᠰᠡᠨ ᠪᠢᠯᠡ᠃